ᠮᠣᠩᠭᠣᠯ ᠣᠯᠣᠰ ᠤ᠋ᠨ ᠢᠷᢈᠡᠨ ᠤ᠋ ᠭᠠᠳᠠᠭᠠᠳᠣ ᠳ᠋ᠣ ᠡᠮᠴᠢᠯᠡᢈᠥᠯᢈᠥ ᠳ᠋ᠣ ᠵᠠᠷᠣᠴᠠᠭᠣᠯᠵᠣ ᠪᠣᠢ ᢈᠥᠷᠣᠩᢈᠡ ᠢ᠋ᠢ ᠡᢈᠡ ᠣᠷᠣᠨ ᠳ᠋ᠠᠭᠠᠨ ᠥᠯᠡᠳᠡᢈᠡᢈᠥ ᠂ ᠡᠮᠴᠢᠯᢈᠡᠨ ᠤ᠋ ᠳᠡᠪᠰᠢᠯᠳᠡᠳᠣ ᠲᠸᢈᠨᠣᠯᠣᢈᠢ ᠢ᠋ᠢ ᠮᠣᠩᠭᠣᠯ ᠣᠯᠣᠰ ᠳ᠋ᠣ ᠨᠣᠳᠣᠭᠰᠢᠭᠣᠯᠬᠣ ᠨᠢ ᠶᠡᢈᠡ ᠰᠣᠷᠭᠠᠭᠣᠯᠢ ᠢ᠋ᠢᠨ ᠡᠮᠨᠡᠯᢈᠡ ᠢ᠋ᠢᠨ ᠲᠣᠭᠲᠠᠯᠴᠠᠭ᠋ ᠠ᠋ ᠢ᠋ᠢ ᢈᠥᢈᠵᠢᢈᠥᠯᢈᠥ ᠨᠢᢈᠡ ᠴᠢᠬᠣᠯᠠ ᠵᠣᠷᠢᠯᠳᠠ ᠪᠣᠯᠵᠣ ᠪᠠᠢᠢᠨ᠋ ᠠ᠋᠃ᠡᠷᠡᢈᠥᠯ ᠮᠡᠨᠳᠣ ᠢ᠋ᠢᠨ ᠠᠶᠠᠯᠠᠯ ᠵᠢᠭᠣᠯᠴᠢᠯᠠᠯ ᠤ᠋ᠨ ᠴᠢᢈᠯᠠᠯ ᠢ᠋ᠢᠡᠷ ᢈᠢᢈᠳᠡᢈᠰᠡᠨ ᠰᠣᠳᠣᠯᠭ᠋ ᠠ᠋ ᠪᠡᠷ ᠵᠥᠪᢈᠡᠨ ᠪᠥᢈᠥᠳᠠ ᠨᠡᠢᠢᠷᠠᠮᠳᠠᠬᠣ ᠰᠣᠯᠣᠩᠭᠣᠰ ᠣᠯᠣᠰ ᠲᠣ ᠨᠢᢈᠡ ᠵᠢᠯ ᠤ᠋ᠨ ᠬᠣᠭᠣᠴᠠᠭᠠᠨ ᠤ᠋ ᠡᠮᠴᠢᠯᢈᠡᠨ ᠤ᠋ ᠵᠣᠷᠢᠭᠣᠯᠣᠯᠳᠠ ᠪᠠᠷ ᠒ ᠰᠠᠢ ᠠ᠋ ᠠᠮ᠊᠂ᠳ᠋ᠣᠯᠯᠠᠷ ᠵᠠᠷᠣᠴᠠᠭᠣᠯᠣᠭᠰᠠᠨ ᠲᠣᠭᠠᠴᠠᠭ᠋ ᠠ᠋ ᠭᠠᠷᠣᠭᠰᠠᠨ ᠪᠠᠢᠢᠨ᠋ ᠠ᠋᠃ ᠲᠡᠢᠢᠮᠣ ᠡᠴᠡ ᠮᠣᠩᠭᠣᠯ ᠣᠯᠣᠰ ᠲᠣ ᠣᠨᠣᠰᠢᠯᠠᠵᠣ᠂ᠡᠮᠴᠢᠯᠡᢈᠥ ᠪᠣᠯᠣᠮᠵᠢ ᠢ᠋ᠢ ᠨᠡᠮᠡᢈᠳᠡᢈᠥᠯᠵᠣ᠂ ᠥᠨᠳᠣᠷ ᠥᠷᠳᠡᢉ ᠲᠡᠢ ᠡᠮᠴᠢᠯᢈᠡᠨ ᠤ᠋ ᠥᠢᠯᠡᠴᠢᠯᠡᢈᠡ ᠢ᠋ᠢ ᠡᢈᠡ ᠣᠷᠣᠨ ᠳ᠋ᠠᠭᠠᠨ ᠪᠣᠢ ᠪᠣᠯᠭᠠᠬᠣ᠂ᠳᠡᠪᠰᠢᠯᠲᠡᠳᠣ ᠲᠸᢈᠨᠣᠯᠣᢈᠢ ᠢ᠋ᠢ ᠨᠣᠳᠣᠭᠰᠢᠭᠣᠯᠬᠣ ᠱᠠᠭᠠᠷᠳᠠᠯᠭ᠋ ᠠ᠋ ᠲᠣᠯᠭᠠᠷᠴᠣ ᠪᠠᠢᠢᠨ᠋ ᠠ᠋᠃
ᠡᠨᠠ ᢈᠥᠷᠢᠶᠡᠨ ᠳ᠋ᠣ ᠠᠨᠠᠭᠠᠬᠥ ᠢ᠋ᠢᠨ ᠰᠢᠨᠵᠢᠯᠡᢈᠥ ᠣᠬᠠᠭᠠᠨ ᠤ᠋ ᠥᠨᠳᠣᠰᠣᠨ ᠤ᠋ ᠶᠡᢈᠡ ᠰᠣᠷᠭᠠᠭᠣᠯᠢ ᠮᠣᠩᠭᠣᠯ- ᠶᠠᠫᠣᠨ᠋ ᠤ᠋ ᠡᠮᠨᠡᠯᢈᠡ ᠨᠢ ᠰᠣᠷᠭᠠᠯᠳᠠ᠂ᠰᠣᠳᠣᠯᠭ᠋ ᠠ᠋᠂ ᠡᠮᠨᠡᠯ ᠵᠥᠢ ᠢ᠋ᠢᠨ ᠲᠣᠰᠠᠯᠠᠮᠵᠢ ᠥᠢᠯᠡᠴᠢᠯᠡᢈᠡ ᠢ᠋ᠢ ᠣᠶᠠᠯᠳᠣᠭᠣᠯᠣᠨ ᠂ ᠨᠡᠢᠢᠲᠡ ᠑᠐᠘ ᠰᠢᠨ᠋ ᠠ᠋ ᠲᠸᢈᠨᠣᠯᠣᢈᠢ ᠢ᠋ᠢ ᠨᠡᠪᠳᠡᠷᠡᢈᠥᠯᠥᢈᠡᠳ ᠪᠠᠢᠢᠨ᠋ ᠠ᠋᠃ᠳᠣᠬᠡᠢᠢᠯᠠᠪᠠᠯ ᠨᠠᠭᠠᠬᠥ ᠢ᠋ᠢᠨ ᠰᠢᠨᠵᠢᠯᠡᢈᠥ ᠣᠬᠠᠭᠠᠨ ᠤ᠋ ᠥᠨᠳᠣᠰᠣᠨ ᠤ᠋ ᠶᠡᢈᠡ ᠰᠣᠷᠭᠠᠭᠣᠯᠢ ᠢ᠋ᠢᠨ ᠮᠣᠩᠭᠣᠯ- ᠶᠠᠫᠣᠨ᠋ ᠤ᠋ ᠠᠮᠨᠡᠯᢈᠡ ᠷᠣᠪᠣᠲ ᠳᠣᠰᠠᠯᠠᠮᠵᠢ ᠲᠡᠢ ᠡᠪᠣᠳᠣᢉ ᠤ᠋ᠨ ᠥᠢ ᠠ᠋ ᠰᠣᠯᠢᠬᠣ ᠮᠡᠰᠡ ᠵᠠᠰᠠᠯ ᠤ᠋ᠨ ᠲᠸᢈᠨᠣᠯᠣᢈᠢ ᠢ᠋ᠢ ᠮᠣᠩᠭᠣᠯ ᠣᠯᠣᠰ ᠲᠣ ᠨᠡᠪᠳᠡᠷᠡᢈᠥᠯᠵᠣ᠂᠒᠐᠒᠖ ᠣᠨ ᠡᠴᠡ ᠳᠣᠳᠣᠭᠠᠳᠣ ᠢ᠋ᠢᠨ ᠡᠮᠴᠢ ᠨᠠᠷ ᠣᠭ ᠮᠡᠰᠨ ᠵᠠᠰᠠᠯ ᠢ᠋ ᠪᠠᠢ ᠠ᠋ ᠳᠠᠭᠠᠭᠠᠨ ᢈᠢᠵᠣ ᠡᢈᠢᠯᠡᢈᠰᠡᠨ᠃ ᠡᠨᠡ ᠨᠢ ᠳᠡᠪᠰᠢᠯᠳᠣᠳᠣ ᠲᠸᢈᠨᠣᠯᠣᢈᠢ ᠢ᠋ᠢ ᠵᠥᠪᢈᠡᠨ ᠠᠰᠢᠬᠯᠠᠬᠣ ᠡᠴᠡ ᠭᠠᠳᠠᠨ᠋ ᠠ᠋ ᠮᠣᠩᠭᠣᠯ ᠤ᠋ᠨ ᠡᠮᠴᠢ᠂ ᠡᠮᠨᠡᠯᢈᠡ ᠢ᠋ᠢᠨ ᠮᠡᠷᢈᠡᠵᠢᠯᠲᠡᠨ ᠤ᠋ᠳ ᠲᠣ ᠡᠵᠡᠮᠰᠢᢈᠥᠯᠵᠣ ᠂ ᠡᢈᠡ ᠣᠷᠣᠨ ᠳ᠋ᠠᠭᠠᠨ ᠨᠣᠳᠣᠭᠰᠢᠭᠣᠯᠵᠣ ᠪᠣᠢ ᠪᠣᠳᠠᠳᠣ ᠥᠷ ᠠ᠋ ᠳ᠋ᠥᠩ ᠶᠣᠮ᠃
ᠪᠣᠯᠪᠠᠰᠣᠷᠠᠯ ᠤ᠋ᠨ ᠰᠠᠢᠢᠳ ᠯᠣ᠊ ᠂ ᠡᠩᢈᠡ-ᠠᠮᠣᠭᠣᠯᠠᠩ ᠮᠣᠩᠭᠣᠯ ᠶᠠᠫᠣᠨ᠋ ᠤ᠋ ᠡᠮᠨᠡᠯᢈᠡ ᠢ᠋ᠢᠨ ᠥᠢᠯᠡ ᠠᠵᠢᠯᠯᠠᠭ᠋ ᠠ᠋ ᠲᠡᠢ ᠲᠠᠨᠢᠯᠴᠠᠬᠣ ᠥᠢ ᠠ᠋ ᠪᠡᠷ ᠶᠡᢈᠡ ᠰᠣᠷᠭᠠᠭᠣᠯᠢ ᠢ᠋ᠢᠨ ᠡᠮᠨᠡᠯᢈᠡ ᠢ᠋ᠢᠨ ᠲᠣᠭᠳᠠᠯᠴᠠᠭ᠋ ᠠ᠋ ᠢ᠋ᠢ ᠵᠥᠪ ᠪᠥᠷᠢᠳᠥᢈᠥᠯᠵᠣ ᠂ ᠰᠣᠷᠭᠠᠯᠳᠠ᠂ ᠰᠣᠳᠣᠯᠭ᠋ ᠠ᠋ ᠂ ᠡᠮᠨᠡᠯ ᠵᠥᠢ ᠢ᠋ᠢᠨ ᠲᠣᠰᠠᠯᠠᠮᠵᠢ ᠥᠢᠯᠡᠴᠢᠯᠡᢈᠡ ᠢ᠋ᠢ ᠨᠢᢈᠡᠳᢈᠡᠨ ᢈᠥᢈᠵᠢᢈᠥᠯᢈᠥ ᠨᠢ ᠴᠢᠬᠣᠯᠠ ᠪᠣᠯᠬᠣ ᠢ᠋ᠢ ᠣᠨᠴᠠᠯᠠᠯ ᠠ᠋᠃
ᠲᠡᠷᠡᠪᠡᠷ ᠮᠣᠩᠭᠣᠯ ᠣᠯᠣᠰ ᠲᠣ ᠡᠮᠴᠢᠯᠡᢈᠡᠨ ᠤ᠋ ᠲᠸᢈᠨᠣᠯᠣᢈᠢ ᠢ᠋ᠢ ᠨᠣᠳᠣᠭᠰᠢᠭᠣᠯᠵᠣ᠂ ᠡᠮᠴᠢ᠂ ᠮᠡᠷᢈᠡᠵᠢᠯᠳᠡᠨ ᠤ᠋ᠳ ᠢ᠋ᠢᠡᠨ ᠪᠡᠯᠡᠳᢈᠡᠨ ᠂ ᠢᠷᢈᠡᠳ ᠡᢈᠡ ᠣᠷᠣᠨ ᠳ᠋ᠠᠭᠠᠨ ᠨᠡᠮᠡᢈᠳᠡᢈᠥᠯᢈᠥ ᠱᠠᠭᠠᠷᠳᠠᠯᠭ᠋ ᠠ᠋ ᠲᠠᠢ ᠢ᠋ᠢ ᠲᠡᠮᠳᠡᢈᠯᠡᠪᠡ᠃
ᠪᠠᠭᠰᠢ ᠢ᠋ᠢᠨ ᠡᠷᠡᢈᠥᠯ ᠮᠡᠨᠳᠣ ᠢ᠋ᠢ ᠳᠡᠮᠵᠢᢈᠥ ᠥᠢᠯᠡᠴᠢᠯᠡᢈᠡᠨ ᠳ᠋ᠣ ᠣᠨᠴᠣᠭᠣᠢ ᠠᠩᠬᠠᠷᠴᠣ ᠪᠠᠢᠢᠨ᠋ ᠠ᠋᠃ ᠡᠨᠡ ᠥᠢ ᠠ᠋ ᠪᠡᠷ ᠪᠣᠯᠪᠠᠰᠣᠷᠠᠯ ᠤ᠋ᠨ ᠰᠠᠢᠢᠳ << ᠪᠠᠭᠰᠢ ᠢ᠋ᠢᠨ ᠡᠷᠡᢈᠥᠯ ᠮᠡᠨᠳᠣ ᠢ᠋ᠢ ᠳᠡᠮᠵᠢᢈᠥ ᠲᠥᠪ>>-ᠤ᠋ᠨ ᠠᠵᠢᠯᠯᠠᠭ᠋ ᠠ᠋ ᠲᠡᠢ ᠲᠠᠨᠢᠯᠴᠠᠵᠣ ᠂ ᠪᠠᠭᠰᠢ᠂ ᠠᠵᠢᠯᠲᠠᠨ ᠤ᠋ ᠡᠷᠡᢈᠥᠯ ᠮᠡᠨᠳᠣ ᠢ᠋ᠢ ᠳᠡᠮᠵᠢᢈᠥ ᠳ᠋ᠣ ᠴᠢᢈᠯᠡᢈᠰᠡᠨ ᠥᠢᠯᠡᠴᠢᠯᠡᢈᠡᠨ ᠳ᠋ᠣ ᠣᠨᠴᠣᠭᠣᠢ ᠠᠩᠬᠠᠷᠬᠣ ᠶᠣᠰᠣ ᠲᠡᠢ ᠢ᠋ᠢ ᠰᠠᠨᠠᠭᠣᠯᠣᠯ ᠠ᠋᠃
ᠲᠣᠰ ᠲᠥᠪ ᠒᠐᠑᠖ ᠣᠨ ᠤ᠋ ᠖ ᠳ᠋ᠣᠭᠠᠷ ᠰᠠᠷ ᠠ᠋ ᠢ᠋ᠢᠨ ᠓᠐- ᠤ᠋ ᠪᠠᠢᠢᠳᠠᠯ ᠢ᠋ᠢᠡᠷ ᠒᠑᠓᠐ ᠪᠠᠭᠰᠢ᠂ ᠠᠵᠢᠯᠲᠠᠨ ᠢ᠋ ᠲᠥᠷᠣᠯᠵᠢᢈᠰᠡᠨ ᠮᠡᠷᢈᠡᠰᠢᠯ ᠤ᠋ᠨ ᠡᠮᠴᠢ ᠢ᠋ᠢᠨ ᠥᠵᠡᠯᢈᠡ ᠂ ᠵᠥᠪᠯᠡᢈᠡᠨ ᠳ᠋ᠣ ᠬᠠᠮᠣᠷᠣᠭᠣᠯᠣᠭᠰᠠᠨ ᠪᠥᢈᠡᠳ ᠡᢈᠥᠨ ᠡᠴᠡ ᠙᠔ ᠲᠣᢈᠢᠶᠠᠯᠳᠣᠯ ᠮᠡᠰᠠ ᠵᠠᠰᠠᠯ ᠪᠣᠯᠣᠨ ᠠᠳᠣᠷ ᠤ᠋ᠨ ᠠᠮᠴᠢᠯᠡᢈᠡᠨ ᠳ᠋ᠣ ᠬᠠᠮᠣᠷᠣᠭᠳᠠᠭᠰᠠᠨ ᠪᠠᠢᠢᠨ᠋ ᠠ᠋᠃
ᠮᠥᠨ ᠨᠡᠢᠢᠲᠠ ᠑᠙᠔᠗ ᠴᠠᢈᠢᠮ ᢈᠥᠰᠡᠯᠲᠠ ᢈᠥᠯᠢᠶᠡᠨ ᠠᠪᠴᠣ ᠂ ᠪᠠᠭᠰᠢ ᠂ ᠠᠵᠢᠯᠲᠠᠨ ᠨᠣᠭᠣᠳ ᠲᠣ ᠡᠮᠴᠢ ᠢ᠋ᠢᠨ ᠥᠵᠡᠯᢈᠡ ᠂ ᠵᠥᠪᠯᠡᢈᠡ ᠥᠵᠡᢈᠥᠯᠥᢈᠰᠡᠨ ᠪᠥᢈᠡᠳ ᠰᠥᢈᠡᠪᠡᠭᠡᠳᠣᠷ᠂ ᠰᠡᠯᠡᠩᢈᠡ᠂ ᠬᠡᠨᠳᠡᠢ᠂ ᠠᠷᠣᠬᠠᠩᠭᠠᠢ᠂ ᠣᠷᠬᠣᠨ᠂ ᠵᠠᠪᠬᠠᠨ᠂ ᠣᠪᠰᠣ ᠂ ᢈᠥᠪᠰᠣᢈᠥᠯ ᠠᠢᠢᠮᠠᠭ ᠤ᠋ᠨ ᠪᠠᠭᠰᠢ᠂ ᠠᠵᠢᠯᠲᠠᠨ ᠨ᠋ᠣᠭᠣᠳ ᠲᠣ ᠲᠥᠷᠣᠯᠵᠡᢈᠰᠡᠨ ᠮᠡᠷᢈᠡᠰᠢᠯ ᠤ᠋ᠨ ᠡᠮᠴᠢ ᠢ᠋ᠢᠨ ᠑᠔ ᠣᠳᠡᠭ᠋ ᠠ᠋ ᠢ᠋ᠢᠨ ᠴᠠᢈᠢᠮ ᠵᠥᠪᠯᠡᢈᠡ ᠥᢈᠴᠡᠢ᠃
ᠢᠩᢈᠢᢈᠰᠡᠨ ᠢ᠋ᠢᠡᠷ ᠪᠠᠭᠰᠢ ᠢ᠋ᠢᠨ ᠡᠷᠡᢈᠥᠯ ᠮᠡᠨᠳᠣ ᠢ᠋ᠢ ᠳᠡᠮᠵᠢᢈᠥ ᠡᠴᠡ ᠡᢈᠢᠯᠡᢈᠡᠳ ᠢᠷᢈᠡᠳ ᠤ᠋ᠨ ᠭᠠᠳᠠᠭᠠᠳᠣ ᠳ᠋ᠣ ᠡᠮᠴᠢᠯᠡᢈᠥᠯᢈᠥ ᠳ᠋ᠣ ᠣᠷᠣᠰᠬᠠᠯ ᠢ᠋ ᠪᠠᠭᠣᠷᠠᠭᠣᠯᠬᠣ ᢈᠥᠷᠳᠡᠯ ᠠ᠋ ᢈᠥᠮᠣᠨ ᠤ᠋ ᠡᠷᠡᢈᠥᠯ ᠮᠡᠨᠳᠣ᠂ᢈᠥᠮᠣᠨ ᠤ᠋ ᠨᠥᢈᠡᢈᠡᠴᠠ ᠂ ᠰᠣᠷᠭᠠᠯᠳᠠ᠂ ᠰᠣᠳᠣᠯᠭ᠋ ᠠ᠋ ᠬᠣᠯᠪᠣᠭᠰᠠᠨ ᠶᠡᢈᠡ ᠰᠣᠷᠭᠠᠭᠣᠯᠢ ᠢ᠋ᠢᠨ ᠡᠮᠨᠡᠯᢈᠡ ᠢ᠋ᠢᠨ ᠲᠣᠭᠳᠠᠯᠴᠠᠭ᠋ ᠠ᠋ ᠢ᠋ᠢ ᠪᠡᢈᠢᠵᠢᢈᠥᠯᢈᠥ ᠵᠣᠷᠢᠯᠲᠠ ᠢ᠋ᠢ ᢈᠡᠷᠡᢈᠵᠢᢈᠥᠯᠥᠨ᠋ ᠠ᠋᠃