ᠪᠣᠯᠪᠠᠰᠤᠷᠠᠯ ᠤ᠋ᠨ ᠰᠠᠶᠢᠳ ᠤ᠋ᠨ ᠵᠥᠪᠯᠡᢈᠦ ᠳ᠊᠂ ᠭᠠᠩᠲᠤᠯᠭᠠ ᠨᠡᢉᠡᢉᠡᠵᠦ ᢈᠡᠯᠡᢉᠰᠡᠨ ᠦᢉᠡᠨ ᠳ᠋ᠦ ᠪᠡᠨ «ᢈᠢᠮᠡᠯ ᠣᠶᠤᠨ (AI) ᠨᠢ ᠪᠠᠭᠰᠢ᠂ ᠠᠵᠢᠯᠲᠠᠨ ᠨᠤᠭᠤᠳ ᠢ᠋ ᠣᠷᠤᠯᠠᠬᠤ ᠪᠤᠰᠤ ᠬᠠᠷᠢᠨ ᠲᠡᠳᠡᠨ ᠢ᠋ ᠳᠡᠮᠵᠢᢈᠦ ᢈᠡᠷᠡᢉᠰᠡᠯ ᠪᠠᠶᠢᠬᠤ᠂ ᠪᠢᠳᠡ ᠣᠶᠤᠲᠠᠨ ᠨᠤᠭᠤᠳ ᠢ᠋ᠶᠠᠨ AI‑ ᠢ᠋ᠢ ᠤᠬᠠᠮᠰᠠᠷᠲᠠᠢ ᠪᠠᠷ ᠠᠰᠢᠭᠯᠠᠵᠤ᠂ ᠥᠪᠡᠷ ᠦ᠋ᠨ ᠢ᠋ᠶᠡᠨ ᠪᠡᠶᠡ ᠳᠠᠭᠠᠭᠠᠭᠰᠠᠨ ᠪᠣᠳᠤᠯ᠂ ᠰᠡᠳᢈᠢᠯᢉᠡ ᠶ᠋ᠢ ᢈᠥᢉᠵᠢᢉᠦᠯᢈᠦ᠂ ᠶᠣᠰᠤ ᠰᠤᠷᠲᠠᠬᠤᠨ ᠤ᠋ ᢈᠡᠮ ᢈᠡᠮᠵᠢᠶᠡ ᠶ᠋ᠢ ᠲᠥᠯᠦᠪᠰᠢᢉᠦᠯᢈᠦ ᠳ᠋ᠦ ᠰᠤᠷᠭᠠᠬᠤ ᠮᠥᠨ ᠣᠶᠤᠲᠠᠨ ᠨᠤᠭᠤᠳ ᠤ᠋ᠨ ᠬᠤᠪᠢ ᠶ᠋ᠢᠨ ᠮᠡᠳᠡᢉᠡᠯᠡᠯ ᠢ᠋ ᠴᠢᠩᠳᠠ ᠬᠠᠮᠠᠭᠠᠯᠠᠵᠤ᠂ ᠪᠠᠭᠰᠢ ᠨᠠᠷ ᠢ᠋ AI‑ᠲᠠᠢ ᠦᠷᠡ ᠳ᠋ᠦᠩᠲᠡᠢ᠂ ᠬᠠᠷᠢᠭᠤᠴᠠᠯᠭᠠ ᠲᠠᠢ ᠬᠠᠮᠲᠤᠷᠠᠨ ᠠᠵᠢᠯᠯᠠᠬᠤ ᠳ᠋ᠤ ᠪᠡᠯᠡᠳᢈᠡᢈᠦ ᢈᠡᠷᠡᢉᠲᠡᠢ ᠪᠠᠶᠢᠨᠠ» ᢉᠡᠪᠡ᠃
ᠡᠨᠡ ᢈᠦ ᢈᠡᠯᠡᠯᠴᠡᢉᠡᠷ ᠢ᠋ᠶᠡᠷ ᠪᠦᠰᠡ ᠨᠤᠲᠤᠭ ᠤ᠋ᠨ ᠪᠣᠯᠪᠠᠰᠤᠷᠠᠯ ᠤ᠋ᠨ ᠰᠠᠯᠪᠤᠷᠢ ᠶ᠋ᠢᠨ ᠲᠥᠯᠦᢉᠡᠯᠡᠯ᠂ ᠪᠣᠳᠤᠯᠭᠠ ᠪᠣᠯᠪᠠᠰᠤᠷᠠᠭᠤᠯᠤᠭᠴᠢᠳ᠂ ᠰᠤᠳᠤᠯᠤᠭᠠᠴᠢᠳ᠂ ᠪᠠᠭᠰᠢ ᠨᠠᠷ᠂ ᠬᠤᠪᠢ ᠶ᠋ᠢᠨ ᢈᠡᠪᠰᠢᠯ ᠦ᠋ᠨ ᢈᠢᠨ᠂ ᠣᠯᠠᠨ ᠤᠯᠤᠰ ᠤ᠋ᠨ ᠪᠠᠶᠢᠭᠤᠯᠤᠯᠭᠠ ᠨᠤᠭᠤᠳ ᠢ᠋ ᠨᠢᢉᠡ ᠳᠣᠣᠷᠠ ᠴᠤᠭᠯᠠᠭᠤᠯᠵᠤ᠂ ᢈᠢᠮᠡᠯ ᠣᠶᠤᠨ ᠤ᠋ ᠲᠧᠻᠨᠣᠯᠣᢉᠢ ᠶ᠋ᠢ ᠳᠡᢉᠡᠳᠦ ᠪᠣᠯᠪᠠᠰᠤᠷᠠᠯ ᠳ᠋ᠤ ᢈᠡᠷᢈᠢᠨ ᠬᠠᠷᠢᠭᠤᠴᠠᠯᠭᠠᠲᠠᠢ᠂ ᠦᠷᠡ ᠳ᠋ᠦᠩᠲᠡᠢ ᠪᠡᠷ ᠠᠰᠢᠭᠯᠠᠬᠤ ᠲᠠᠯ ᠠ᠋ ᠪᠠᠷ ᢈᠡᠯᠡᠯᠴᠡᢉᠰᠡᠨ ᠶᠤᠮ᠃
ᠰᠡᢉᠦᠯ ᠦ᠋ᠨ ᠵᠢᠯ ᠦ᠋ᠳ ᠲᠦ ᠳᠡᠯᠡᢈᠡᠢ ᠳᠠᢈᠢᠨ ᠳ᠋ᠤ ᢈᠢᠮᠡᠯ ᠣᠶᠤᠨ ᠤᠬᠠᠭᠠᠨ᠂ ᠢᠯᠠᠩᠭᠤᠶᠠ ᠡᢉᠦᠰᢈᠡᢉᠴᠢ ᢈᠢᠮᠡᠯ ᠣᠶᠤᠨ (Generative AI)- ᠶ᠋ᠢᠨ ᢈᠡᠷᠡᢉᠯᠡᢉᠡ ᠬᠤᠷᠳᠤᠴᠠ ᠲᠠᠢ ᠨᠡᠮᠡᢉᠳᠡᠵᠦ ᠵᠡᢉᠦᠨ ᠠᠽᠢ ᠶ᠋ᠢᠨ ᠤᠯᠤᠰ ᠣᠷᠤᠨ ᠨᠤᠭᠤᠳ ᠡᠨᠡ ᢈᠦ ᠲᠧᠻᠨᠣᠯᠣᢉᠢ ᠶ᠋ᠢᠨ ᠪᠣᠯᠤᠮᠵᠢ ᠶ᠋ᠢ ᠪᠣᠯᠪᠠᠰᠤᠷᠠᠯ ᠤ᠋ᠨ ᠰᠠᠯᠪᠤᠷᠢ ᠳ᠋ᠤ ᠠᠰᠢᠭᠯᠠᠬᠤ ᠲᠠᠯᠠ ᠳᠡᢉᠡᠷᠡ ᠣᠯᠠᠨ ᠰᠠᠶᠢᠨ ᠲᠤᠷᠰᠢᠯᠭᠠ ᠶ᠋ᠢ ᠪᠤᠢ ᠪᠣᠯᠭᠠᠵᠤ ᠡᢈᠢᠯᠡᠵᠡᠢ᠃ ᠶᠦᠨᠧᠰᠻᠣ ᠪᠣᠯᠤᠨ ᠲᠡᢉᠦᠨ ᠦ᠋ ᠬᠠᠷᠢᠶᠠ ᠪᠠᠶᠢᠭᠤᠯᠤᠯᠭᠠ ᠨᠤᠭᠤᠳ ᠤ᠋ᠨ ᢈᠢᢉᠰᠡᠨ ᠰᠤᠳᠤᠯᠭᠠ ᠪᠠᠷ ᠪᠦᠰᠡ ᠨᠤᠲᠤᠭ ᠤ᠋ᠨ ᠣᠷᠤᠨ ᠨᠤᠭᠤᠳ ᠳ᠋ᠢᠵᠢᠲ᠋ᠠᠯ ᠰᠢᠯᠵᠢᠯᠲᠡ ᠶ᠋ᠢᠨ ᠲᠣᠳᠤᠷᠬᠠᠢ ᠲᠦᠪᠰᠢᠨ ᠳ᠋ᠦ ᢈᠦᠷᠴᠦ᠂ ᠴᠢᠨᠠᠭᠰᠢᠳᠠ ᠶ᠋ᠢᠨ ᠬᠠᠮᠲᠤ ᠶ᠋ᠢᠨ ᠠᠵᠢᠯᠯᠠᠭᠠ᠂ ᠪᠣᠳᠤᠯᠭᠠ ᠶ᠋ᠢᠨ ᠤᠶᠠᠯᠳᠤᠭᠠ ᠬᠣᠯᠪᠤᠭᠠ ᠶ᠋ᠢ ᠪᠤᠢ ᠪᠣᠯᠭᠠᠬᠤ ᢈᠡᠷᠡᢉᠴᠡᢉᠡ ᠲᠡᠢ ᠪᠠᠶᠢᠭᠠ ᠶ᠋ᠢ ᠣᠨᠴᠠᠯᠠᠭᠰᠠᠨ ᠪᠠᠶᠢᠨᠠ᠃