Хаах

ᠬᠣᠲᠠᠬᠠᠨ ᠤ᠋ ᠪᠠᠭ᠎ᠠ ᠰᠤᠷᠭᠠᠭᠤᠯᠢ ᠪᠠᠶᠢᠭᠤᠯᠬᠤ ᠪᠣᠯᠤᠮᠵᠢ ᠪᠦᠷᠢᠳᠦᠯ ᠡ᠋

A- A A+
ᠬᠣᠲᠠᠬᠠᠨ ᠤ᠋ ᠪᠠᠭ᠎ᠠ ᠰᠤᠷᠭᠠᠭᠤᠯᠢ ᠪᠠᠶᠢᠭᠤᠯᠬᠤ ᠪᠣᠯᠤᠮᠵᠢ ᠪᠦᠷᠢᠳᠦᠯ ᠡ᠋

«ᠣᠷᠤᠨ ᠰᠠᠭᠤᠴᠠᠨ ᠤ᠋ ᠬᠣᠷᠢᠶᠠᠯᠠᠯ᠂ ᠬᠣᠲᠠᠬᠠᠨ ᠳ᠋ᠤ ᠪᠠᠶᠢᠷᠢᠯᠠᠬᠤ ᠪᠠᠭ᠎ᠠ ᠰᠤᠷᠭᠠᠭᠤᠯᠢ ᠶ᠋ᠢᠨ ᠰᠤᠷᠭᠠᠯᠲᠠ ᠶ᠋ᠢᠨ ᠦᠶᠢᠯᠡ ᠠᠵᠢᠯᠯᠠᠭ᠎ᠠ ᠵᠣᢈᠢᠶᠠᠨ ᠪᠠᠶᠢᠭᠤᠯᠬᠤ ᠳ᠋ᠤ ᠪᠠᠷᠢᠮᠲᠠᠯᠠᠬᠤ» ᠴᠢᢉᠯᠡᠯ ᠪᠠᠲᠤᠯᠠᠭᠳᠠᠪᠠ᠃  

ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠒᠔-᠒᠐᠒᠘ ᠣᠨ ᠤ᠋ ᠦᠢᠯᠡ ᠠᠵᠢᠯᠯᠠᠭᠠᠨ ᠤ᠋ ᢈᠥᠲᠦᠯᠪᠦᠷᠢ ᠳ᠋ᠦ ᠵᠢᠭᠠᠭᠰᠠᠨ ᠪᠦᠯᠦᢉ ᠳᠦᢉᠦᠷᢉᠡᠯᠲᠡ ᠶ᠋ᠢ ᠰᠲ᠋ᠠᠨ᠋ᠳᠠᠷᠲ ᠲᠦᠪᠰᠢᠨ ᠳ᠋ᠦ ᢈᠦᠷᢈᠡᢈᠦ «ᠨᠢᢉᠡ ᠡᢉᠡᠯᠵᠢ᠂ ᠴᠥᢉᠡᠨ ᢈᠡᠦᢈᠡᠳ ᠲᠡᠢ ᠠᠩᢉᠢ»᠂ «ᢉᠡᠷ ᠲᠦ ᠣᠶᠢᠷ᠎ᠠ ᠰᠤᠷᠭᠠᠭᠤᠯᠢ-ᠬᠠᠮᠤᠭ ᠤ᠋ᠨ ᠰᠠᠶᠢᠨ ᠰᠤᠷᠭᠠᠭᠤᠯᠢ» ᠠᠷᠭ᠎ᠠ ᢈᠡᠮᠵᠢᠶ᠎ᠡ ᠶ᠋ᠢ ᢈᠡᠷᠡᢉᠵᠢᢉᠦᠯᢈᠦ ᠳ᠋ᠦ ᠡᠨᠡ ᠴᠢᢉᠯᠡᠯ ᠢ᠋ ᠪᠠᠷᠢᠮᠲᠠᠯᠠᠬᠤ ᠶᠤᠮ᠃  

ᠠᠶᠢᠮᠠᠭ᠂ ᠨᠡᠶᠢᠰᠯᠡᠯ ᠦ᠋ᠨ ᢈᠦᠮᠦᠨ ᠠᠮᠠ ᠨᠢᠭᠲᠠᠷᠠᠭᠰᠠᠨ᠂ ᠲᠥᠷᠦ ᠶ᠋ᠢᠨ ᠥᠮᠴᠢ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠦᢉᠡᠢ ᠬᠣᠷᠢᠶᠠᠯᠠᠯ᠂ ᠬᠣᠲᠠᠬᠠᠨ ᠳ᠋ᠤ ᠪᠠᠭ᠎ᠠ ᠠᠩᢉᠢ ᠶ᠋ᠢᠨ ᠰᠤᠷᠤᠯᠴᠠᠭᠴᠢᠳ ᠢ᠋ ᢉᠡᠷ ᠲᠦ ᠪᠡᠨ ᠣᠶᠢᠷ᠎ᠠ ᠰᠤᠷᠭᠠᠭᠤᠯᠢ ᠳ᠋ᠤ᠂ ᠴᠥᢉᠡᠨ ᢈᠡᠦᢈᠡᠳ ᠲᠡᠢ ᠠᠩᢉᠢ ᠳ᠋ᠤ ᠰᠤᠷᠤᠯᠴᠠᠬᠤ ᠪᠣᠯᠤᠮᠵᠢ ᠶ᠋ᠢ ᠪᠦᠷᠢᠳᠦᢉᠦᠯᢈᠦ ᠳ᠋ᠦ ᠤᠭ ᠪᠠᠷᠢᠮᠲᠠ ᠪᠢᠴᠢᢉ ᠴᠢᢉᠯᠡᠵᠡᠢ᠃  

ᠨᠡᠶᠢᠰᠯᠡᠯ ᠳ᠋ᠦ ᠒᠐᠒᠐-᠒᠐᠒᠔ ᠣᠨ ᠳ᠋ᠤ ᠔᠕ ᠰᠤᠷᠭᠠᠭᠤᠯᠢ ᠶ᠋ᠢᠨ ᠪᠠᠷᠢᠯᠭ᠎ᠠ ᠶ᠋ᠢ ᠰᠢᠨ᠎ᠡ ᠪᠡᠷ ᠪᠠᠷᠢᠵᠤ ᠥᠷᢉᠡᠳᢈᠡᠨ᠂ ᠘ ᠪᠠᠭ᠎ᠠ ᠰᠤᠷᠭᠠᠭᠤᠯᠢ᠂ ᠴᠡᠴᠡᠷᠯᠢᢉ ᠦ᠋ᠨ ᠴᠣᠭᠴᠠᠯᠠᠪᠤᠷᠢ ᠶ᠋ᠢ ᠪᠠᠷᠢᠵᠤ᠂ ᠰᠠᠭᠤᠳᠠᠯ ᠤ᠋ᠨ ᠲᠣᠭ᠎ᠠ ᠒᠘᠂᠙᠓᠘- ᠪᠠᠷ ᠨᠡᠮᠡᢉᠳᠡᢉᠰᠡᠨ ᢈᠡᠳᠦᠢ ᠴᠤ ᠠᠴᠢᠶᠠᠯᠠᠯ ᠪᠠᠭᠤᠷᠠᠬᠤ ᠦᢉᠡᠢ ᠪᠠᠶᠢᠨ᠎ᠠ᠃  

᠒᠐᠒᠔-᠒᠐᠒᠕ ᠣᠨ ᠤ᠋ ᢈᠢᠴᠢᠶᠡᠯ ᠦ᠋ᠨ ᠵᠢᠯ ᠦ᠋ᠨ ᠰᠲ᠋ᠠᠲ᠋ᠢᠰᠲ᠋ᠢᠻ ᠮᠡᠳᠡᢉᠡ ᠪᠡᠷ ᠨᠡᠶᠢᠰᠯᠡᠯ ᠦ᠋ᠨ ᠙ ᠳᠡᢉᠦᠷᢉᠡ ᠶ᠋ᠢᠨ ᠗᠐ ᠬᠣᠷᠢᠶ᠎ᠠ ᠲᠥᠷᠦ ᠶ᠋ᠢᠨ ᠪᠣᠯᠤᠨ ᠣᠷᠤᠨ ᠨᠤᠲᠤᠭ ᠤ᠋ᠨ ᠥᠮᠴᠢ ᠶ᠋ᠢᠨ ᠰᠤᠷᠭᠠᠭᠤᠯᠢ ᠦᢉᠡᠢ᠂ ᠕᠘ ᠬᠣᠷᠢᠶ᠎ᠠ ᠣᠭᠲᠤ ᠰᠤᠷᠭᠠᠭᠤᠯᠢ ᠦᢉᠡᠢ ᠪᠠᠶᠢᠨ᠎ᠠ᠃