Хаах

ᠶᠡᢈᠡ ᠰᠤᠷᠭᠠᠭᠤᠯᠢ ᠶ᠋ᠢᠨ ᠬᠣᠲᠠᠬᠠᠨ᠂ ᠳᠠᠳᠤᠯᠭ᠎ᠠ ᠶ᠋ᠢᠨ ᠪᠠᠭᠠᠵᠠ᠂ ᠴᠣᠭᠴᠠᠯᠠᠪᠤᠷᠢ ᠶ᠋ᠢ ᢈᠥᢉᠵᠢᢉᠦᠯᢈᠦ ᠪᠣᠯᠤᠮᠵᠢ

A- A A+
ᠶᠡᢈᠡ ᠰᠤᠷᠭᠠᠭᠤᠯᠢ ᠶ᠋ᠢᠨ ᠬᠣᠲᠠᠬᠠᠨ᠂ ᠳᠠᠳᠤᠯᠭ᠎ᠠ ᠶ᠋ᠢᠨ ᠪᠠᠭᠠᠵᠠ᠂ ᠴᠣᠭᠴᠠᠯᠠᠪᠤᠷᠢ ᠶ᠋ᠢ ᢈᠥᢉᠵᠢᢉᠦᠯᢈᠦ ᠪᠣᠯᠤᠮᠵᠢ

ᠪᠣᠯᠪᠠᠰᠤᠷᠠᠯ ᠤ᠋ᠨ ᠰᠠᠶᠢᠳ ᠤ᠋ᠨ ᠒᠐᠒᠕ ᠣᠨ ᠤ᠋ ᠲᠤᠰᠢᠶᠠᠯ ᠢ᠋ ᢈᠡᠷᠡᢉᠵᠢᢉᠦᠯᢈᠦ ᠠᠵᠢᠯ ᠤ᠋ᠨ ᢈᠦᠷᠢᠶᠡᠨ ᠳ᠋ᠦ ᠪᠣᠯᠪᠠᠰᠤᠷᠠᠯ ᠤ᠋ᠨ ᠶᠠᠮᠤᠨ ᠪᠣᠯᠤᠨ ᢈᠥᠷᠦᠩᢉᠡ ᠶ᠋ᠢᠨ ᠮᠧᠨᠧᠵᠮᠧᠨ᠋ᠲ ᠦ᠋ᠨ ᠲᠥᠪ ᠡᠴᠡ ᠬᠠᠮᠲᠤᠷᠠᠨ «ᠾᠢᠦᠩᠨᠦ ᠪᠣᠯᠤᠨ ᠬᠠᠷᠠᠬᠣᠷᠤᠮ ᠬᠣᠲᠠ ᠳ᠋ᠤ ᠰᠤᠷᠭᠠᠯᠲᠠ–ᠡᠷᠳᠡᠮ ᠰᠢᠨᠵᠢᠯᠡᢉᠡ–ᠦᠶᠢᠯᠡᠳᠪᠦᠷᠢᠯᠡᠯ ᠦ᠋ᠨ ᠴᠣᠭᠴᠠᠯᠠᠪᠤᠷᠢ ᠪᠠᠶᠢᠭᠤᠯᠬᠤ ᠳ᠋ᠤ ᠶᠡᢈᠡ ᠰᠤᠷᠭᠠᠭᠤᠯᠢ ᠨᠤᠭᠤᠳ ᠤ᠋ᠨ ᠣᠷᠤᠯᠴᠠᠭ᠎ᠠ» ᠰᠡᠳᠦᠪᠲᠦ ᠠᠭᠤᠯᠵᠠᠯᠲᠠ ᠶ᠋ᠢ ᠠᠮᠵᠢᠯᠲᠠᠲᠠᠢ ᠵᠣᢈᠢᠶᠠᠨ ᠪᠠᠶᠢᠭᠤᠯᠤᠯ᠎ᠠ᠃  

ᠠᠭᠤᠯᠵᠠᠯᠲᠠ ᠳ᠋ᠤ ᠲᠥᠷᠦ ᠶ᠋ᠢᠨ ᠥᠮᠴᠢ ᠶ᠋ᠢᠨ ᠶᠡᢈᠡ ᠰᠤᠷᠭᠠᠭᠤᠯᠢ ᠨᠤᠭᠤᠳ ᠤ᠋ᠨ ᠷᠧᠻᠲ᠋ᠣᠷ᠂ ᠫᠷᠣᠷᠧᠻᠲ᠋ᠣᠷ ᠪᠣᠯᠤᠨ ᠬᠣᠯᠪᠤᠭᠳᠠᠬᠤ ᠠᠯᠪᠠᠨ ᠲᠤᠰᠢᠶᠠᠯᠲᠠᠨ ᠨᠤᠭᠤᠳ ᠣᠷᠤᠯᠴᠠᠵᠤ᠂ ᠰᠤᠷᠭᠠᠯᠲᠠ᠂ ᠡᠷᠳᠡᠮ ᠰᠢᠨᠵᠢᠯᠡᢉᠡ᠂ ᠦᠢᠯᠡᠳᠪᠦᠷᠢᠯᠡᠯ ᠢ᠋ ᠬᠣᠣᠰᠯᠠᠭᠤᠯᠤᠭᠰᠠᠨ ᠴᠣᠭᠴᠠᠯᠠᠪᠤᠷᠢ ᠪᠠᠶᠢᠭᠤᠯᠬᠤ ᠪᠣᠯᠤᠮᠵᠢ᠂ ᠣᠷᠤᠯᠴᠠᠭᠠᠨ ᠤ᠋ ᢈᠡᠯᠪᠡᠷᠢ᠂ ᠬᠠᠮᠲᠤ ᠶ᠋ᠢᠨ ᠠᠵᠢᠯᠯᠠᠭᠠᠨ ᠤ᠋ ᠴᠢᢉᠯᠡᠯ ᠦ᠋ᠳ ᠦ᠋ᠨ ᠲᠠᠯ᠎ᠠ ᠪᠠᠷ ᠰᠠᠨᠠᠯ ᠰᠣᠯᠢᠯᠴᠠᠪᠠ᠃

ᠮᠥᠨ ᠾᠢᠦ᠋ᠩᠨᠦ ᠪᠣᠯᠤᠨ ᠬᠠᠷᠠᠬᠣᠷᠤᠮ ᠬᠣᠲᠠ ᠶ᠋ᠢᠨ ᠤᠳᠤᠷᠢᠳᠤᠯᠭ᠎ᠠ ᠶ᠋ᠢᠨ ᠲᠥᠯᠦᢉᠡᠯᠡᠯ ᠦ᠋ᠳ ᠲᠤᠰ ᠬᠣᠲᠠ ᠨᠤᠭᠤᠳ ᠤ᠋ᠨ ᢈᠥᢉᠵᠢᠯ ᠦ᠋ᠨ ᠴᠣᠭᠴᠠ ᠲᠥᠯᠦᠪᠯᠡᠯᠲᠡ᠂ ᠶᠡᢈᠡ ᠰᠤᠷᠭᠠᠭᠤᠯᠢ ᠶ᠋ᠢᠨ ᠬᠣᠲᠠᠬᠠᠨ᠂ ᠳᠠᠳᠤᠯᠭ᠎ᠠ ᠶ᠋ᠢᠨ ᠪᠠᠭᠠᠵᠠ᠂ ᠰᠤᠳᠤᠯᠭ᠎ᠠ-ᠦᠢᠯᠡᠳᠪᠦᠷᠢᠯᠡᠯ ᠦ᠋ᠨ ᠨᠢᢉᠡᠴᠡ ᠨᠦ᠋ᢉᠦᠳ ᠢ᠋ ᢈᠥᢉᠵᠢᢉᠦᠯᢈᠦ ᠪᠣᠯᠤᠮᠵᠢ᠂ ᠬᠤᠪᠢᠯᠪᠤᠷᠢ ᠶ᠋ᠢᠨ ᠲᠠᠯ ᠠ᠋ ᠪᠠᠷ ᠮᠡᠳᠡᢉᠡᠯᠡᠯ ᠥᢉᠴᠦ᠂ ᠰᠠᠯᠪᠤᠷᠢ ᠳᠤᠮᠳᠠ ᠶ᠋ᠢᠨ ᠬᠠᠮᠲᠤ ᠶ᠋ᠢᠨ ᠠᠵᠢᠯᠯᠠᠭᠠᠨ ᠤ᠋ ᠰᠠᠭᠤᠷᠢ ᠲᠠᠯᠪᠢᠭᠳᠠᠯ᠎ᠠ᠃  

ᠡᠨᠡ ᢈᠦ ᠠᠭᠤᠯᠵᠠᠯᠲᠠ ᠨᠢ ᠰᠢᠨᠵᠢᠯᠡᢈᠦ ᠤᠬᠠᠭᠠᠨ᠂ ᠳᠡᢉᠡᠳᠦ ᠪᠣᠯᠪᠠᠰᠤᠷᠠᠯ᠂ ᠪᠦᠰᠡ ᠨᠤᠲᠤᠭ ᠤ᠋ᠨ ᢈᠥᢉᠵᠢᠯ ᠬᠣᠭᠤᠷᠤᠨᠳᠤ ᠶ᠋ᠢᠨ ᠤᠶᠠᠯᠳᠤᠭ᠎ᠠ ᠬᠣᠯᠪᠤᠭ᠎ᠠ ᠶ᠋ᠢ ᠰᠠᠶᠢᠵᠢᠷᠠᠭᠤᠯᠬᠤ᠂ ᠲᠥᠷᠦ-ᠬᠤᠪᠢ ᠶ᠋ᠢᠨ ᢈᠡᠪᠰᠢᠯ-ᠶᠡᢈᠡ ᠰᠤᠷᠭᠠᠭᠤᠯᠢ ᠶ᠋ᠢᠨ ᠲᠦᠩᠰᠢᠯᠡᠯ ᠢ᠋ ᠰᠢᠨ᠎ᠡ ᠱᠠᠲᠤᠨ ᠳ᠋ᠤ ᠭᠠᠷᠭᠠᠬᠤ ᠴᠢᠬᠤᠯᠠ ᠠᠯᠬᠤᠮ ᠪᠣᠯᠤᠯ᠎ᠠ᠃