Хаах

ᠪᠣᠯᠪᠠᠰᠤᠷᠠᠯ ᠤ᠋ᠨ ᠰᠠᠯᠪᠤᠷᠢ ᠳ᠋ᠤ ᢈᠥᠷᠦᠩᢉᠡ ᠣᠷᠤᠭᠤᠯᠤᠭᠰᠠᠨ ᠠᠵᠤ ᠠᠬᠤᠢ ᠶ᠋ᠢᠨ ᠨᠢᢉᠡᠴᠡ ᠨᠦ᠋ᢉᠦᠳ ᠲᠠᠲᠠᠪᠤᠷᠢ ᠶ᠋ᠢᠨ ᢈᠥᠩᢉᠡᠯᠡᠯᠲᠡ ᠡᠳ᠋ᠯᠡᠨ᠎ᠡ

A- A A+
ᠪᠣᠯᠪᠠᠰᠤᠷᠠᠯ ᠤ᠋ᠨ ᠰᠠᠯᠪᠤᠷᠢ ᠳ᠋ᠤ ᢈᠥᠷᠦᠩᢉᠡ ᠣᠷᠤᠭᠤᠯᠤᠭᠰᠠᠨ ᠠᠵᠤ ᠠᠬᠤᠢ ᠶ᠋ᠢᠨ ᠨᠢᢉᠡᠴᠡ ᠨᠦ᠋ᢉᠦᠳ ᠲᠠᠲᠠᠪᠤᠷᠢ ᠶ᠋ᠢᠨ ᢈᠥᠩᢉᠡᠯᠡᠯᠲᠡ ᠡᠳ᠋ᠯᠡᠨ᠎ᠡ

ᠠᠵᠤ ᠠᠬᠤᠢ ᠶ᠋ᠢᠨ ᠨᠢᢉᠡᠴᠡ᠂ ᠪᠠᠶᠢᠭᠤᠯᠤᠯᠭ᠎ᠠ ᠨᠤᠭᠤᠳ ᠨᠡᠶᠢᢉᠡᠮ ᠦ᠋ᠨ ᠬᠠᠷᠢᠭᠤᠴᠠᠯᠭ᠎ᠠ ᠶ᠋ᠢᠨ ᢈᠦᠷᠢᠶᠡᠨ ᠳ᠋ᠦ ᠪᠣᠯᠪᠠᠰᠤᠷᠠᠯ ᠤ᠋ᠨ ᠰᠠᠯᠪᠤᠷᠢ ᠳ᠋ᠤ ᢈᠢᢉᠰᠡᠨ ᢈᠥᠷᠦᠩᢉᠡ ᠣᠷᠤᠭᠤᠯᠤᠯᠲᠠ᠂ ᠬᠠᠨᠳᠢᠪ ᠲᠤᠰᠠᠯᠠᠮᠵᠢ ᠪᠠᠷ ᠣᠷᠤᠯᠭ᠎ᠠ ᠶ᠋ᠢᠨ ᠠᠯᠪᠠᠨ ᠲᠠᠲᠠᠪᠤᠷᠢ ᠶ᠋ᠢᠨ ᢈᠥᠩᢉᠡᠯᠡᠯᠲᠡ ᠡᠳ᠋ᠯᠡᢈᠦ ᠪᠣᠯᠤᠮᠵᠢ ᠲᠠᠢ ᠪᠣᠯᠤᠯ᠎ᠠ᠃

ᢈᠥᠩᢉᠡᠯᠡᠯᠲᠡ ᠳ᠋ᠦ ᠬᠠᠮᠤᠷᠤᠭᠳᠠᠬᠤ ᠪᠣᠯᠤᠮᠵᠢ ᠲᠠᠢ ᠦᠢᠯᠡ ᠠᠵᠢᠯᠯᠠᠭ᠎ᠠ ᠨᠢ ᠳᠠᠷᠠᠭᠠᢈᠢ ᠴᠢᢉᠯᠡᠯ ᠦ᠋ᠳ ᠢ᠋ ᠬᠠᠮᠤᠷᠴᠤ ᠪᠠᠶᠢᠨ᠎ᠠ᠃  ᠡᢉᠦᠨ ᠳ᠋ᠦ:

• ᠰᠤᠷᠭᠠᠭᠤᠯᠢ ᠶ᠋ᠢᠨ ᠪᠣᠯᠤᠨ ᠴᠡᠴᠡᠷᠯᠢᢉ ᠦ᠋ᠨ ᠪᠠᠷᠢᠯᠭ᠎ᠠ ᠪᠠᠷᠢᠬᠤ᠂ ᠥᠷᢉᠡᠳᢈᠡᢈᠦ᠂ ᠵᠠᠰᠠᠪᠤᠷᠢᠯᠠᠬᠤ

• ᠯᠠᠪᠣᠷᠠᠲ᠋ᠣᠷᠢ᠂ ᠴᠠᢈᠢᠮ ᠲᠠᠩᢈᠢᠮ᠂ ᠰᠫᠤᠷᠲ ᠽᠠᠯ᠂ ᠳᠣᠲᠤᠭᠤᠷ ᠪᠠᠶᠢᠷᠢ ᠪᠠᠶᠢᠭᠤᠯᠬᠤ

• ᠰᠤᠷᠭᠠᠯᠲᠠ ᠶ᠋ᠢᠨ ᢈᠡᠷᠡᢉᠯᠡᢉᠳᠡᢈᠦᠨ᠂ ᠲᠠᠪᠢᠯᠭ᠎ᠠ᠂ ᠲᠣᠨᠤᠭ ᠲᠥᢈᠦᢉᠡᠷᠦᠮᠵᠢ ᠬᠠᠩᠭᠠᠬᠤ

• ᠪᠠᠭᠰᠢ᠂ ᠠᠵᠢᠯᠲᠠᠨ ᠤ᠋ ᠰᠤᠷᠭᠠᠯᠲᠠ᠂ ᠣᠷᠤᠨ ᠰᠠᠭᠤᠴᠠ᠂ ᠤᠷᠮᠠᠰᠢᠭᠤᠯᠤᠯ ᠳ᠋ᠤ ᠳᠡᠮᠵᠢᠯᢉᠡ ᠦᠵᠡᢉᠦᠯᢈᠦ

• ᢈᠥᢉᠵᠢᠯ ᠦ᠋ᠨ ᠪᠡᠷᢈᠡᠰᠢᠶᠡᠯ ᠲᠡᠢ ᠪᠣᠯᠤᠨ ᠰᠤᠷᠭᠠᠭᠤᠯᠢ ᠠ᠋ᠴᠠ ᠵᠠᠪᠰᠠᠷᠳᠠᠭᠰᠠᠨ ᢈᠡᠦᢈᠡᠳ ᠲᠦ ᠵᠣᠷᠢᠭᠤᠯᠤᠭᠰᠠᠨ ᢈᠥᠲᠦᠯᠪᠦᠷᠢ ᢈᠡᠷᠡᢉᠵᠢᢉᠦᠯᢈᠦ

• ᠰᠤᠳᠤᠯᠭ᠎ᠠ᠂ ᠰᠢᠨᠵᠢᠯᠡᢉᠡᠨ ᠳ᠋ᠦ ᠬᠠᠨᠳᠢᠪ᠂ ᠲᠡᠳᢈᠦᠯᢉᠡ ᠣᠯᠭᠤᠬᠤ ᠵᠡᠷᢉᠡ ᠪᠠᠭᠲᠠᠵᠡᠢ᠃  

ᠡᠨᠡ ᢈᠦ ᠪᠣᠳᠤᠯᠭ᠎ᠠ ᠨᠢ ᠪᠣᠯᠪᠠᠰᠤᠷᠠᠯ ᠤ᠋ᠨ ᠴᠢᠨᠠᠷ ᠢ᠋ ᠰᠠᠶᠢᠵᠢᠷᠠᠭᠤᠯᠬᠤ᠂ ᢈᠡᠦᢈᠡᠳ ᠵᠠᠯᠠᠭᠤᠰ ᠤ᠋ᠨ ᢈᠥᢉᠵᠢᠯ ᠢ᠋ ᠳᠡᠮᠵᠢᢈᠦ ᠳ᠋ᠦ ᠬᠤᠪᠢ ᠶ᠋ᠢᠨ ᢈᠡᠪᠰᠢᠯ ᠦ᠋ᠨ ᠣᠷᠤᠯᠴᠠᠭ᠎ᠠ ᠶ᠋ᠢ ᠲᠥᠷᠦ ᠡᠴᠡ ᠠᠯᠪᠠᠨ ᠶᠣᠰᠤ ᠪᠠᠷ ᠤᠷᠮᠠᠰᠢᠭᠤᠯᠵᠤ ᠪᠤᠢ ᠶ᠋ᠢᠨ ᠢᠯᠡᠷᠡᠯ ᠶᠤᠮ᠃