Хаах

ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠢ᠋ ᠭᠠᠳᠠᠭᠠᠳᠤ ᠳ᠋ᠤ ᠰᠤᠷᠤᠯᠴᠠᠭᠤᠯᠬᠤ ᠰᠣᠩᠭᠤᠨ ᠰᠢᠯᠭᠠᠷᠠᠭᠤᠯᠤᠯᠲᠠ ᠵᠠᠷᠯᠠᠭᠳᠠᠯ᠎ᠠ

A- A A+
ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠢ᠋ ᠭᠠᠳᠠᠭᠠᠳᠤ ᠳ᠋ᠤ ᠰᠤᠷᠤᠯᠴᠠᠭᠤᠯᠬᠤ ᠰᠣᠩᠭᠤᠨ ᠰᠢᠯᠭᠠᠷᠠᠭᠤᠯᠤᠯᠲᠠ ᠵᠠᠷᠯᠠᠭᠳᠠᠯ᠎ᠠ

ᠪᠣᠯᠪᠠᠰᠤᠷᠠᠯ ᠤ᠋ᠨ ᠵᠢᢉᠡᠯᠡ ᠶ᠋ᠢᠨ ᠰᠠᠩ ᠨᠢ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠦ᠋ᠨ ᠳᠡᢉᠡᠳᠦ ᠪᠣᠯᠪᠠᠰᠤᠷᠠᠯ ᠡᠵᠡᠮᠰᠢᢈᠦ ᠲᠡᢉᠰᠢ ᠪᠣᠯᠤᠮᠵᠢ ᠶ᠋ᠢ ᠬᠠᠩᠭᠠᠬᠤ᠂ ᠡᠳ᠋ ᠦ᠋ᠨ ᠵᠠᠰᠠᠭ ᠤ᠋ᠨ ᢈᠦᠨᠳᠦᠷᠡᠯ ᠦᢉᠡᠢ ᠪᠡᠷ ᠰᠤᠷᠤᠯᠴᠠᠬᠤ ᠨᠥᢈᠦᠴᠡᠯ ᠢ᠋ ᠪᠦᠷᠢᠳᠦᢉᠦᠯᢈᠦ ᠵᠣᠷᠢᠯᠭ᠎ᠠ ᠪᠠᠷ ᠰᠠᠩᢈᠦᠦ ᠶ᠋ᠢᠨ ᠳᠡᠮᠵᠢᠯᢉᠡ ᠦᠵᠡᢉᠦᠯᢈᠦ ᠰᠣᠩᠭᠤᠨ ᠰᠢᠯᠭᠠᠷᠠᠭᠤᠯᠤᠯᠲᠠ ᠶ᠋ᠢ ᠬᠠᠤᠯᠢ ᠲᠣᠭᠲᠠᠭᠠᠮᠵᠢ ᠶ᠋ᠢᠨ ᠳᠠᠭᠠᠭᠤ ᠵᠠᠷᠯᠠᠵᠤ ᠪᠠᠶᠢᠨ᠎ᠠ᠃  

ᠰᠣᠩᠭᠤᠨ ᠰᠢᠯᠭᠠᠷᠠᠭᠤᠯᠤᠯᠲᠠ ᠳ᠋ᠤ ᠣᠷᠤᠯᠴᠠᠭᠴᠢ ᠨᠢ:

  • ᠮᠣᠩᠭᠣᠯ ᠤᠯᠤᠰ ᠤ᠋ᠨ ᠢᠷᢉᠡᠨ ᠪᠠᠶᠢᠬᠤ ᢈᠥᢉᠵᠢᠯ ᠦ᠋ᠨ ᠪᠡᠷᢈᠡᠰᠢᠶᠡᠯ ᠲᠡᠢ ᠢᠷᢉᠡᠨ ᠪᠠᠶᠢᠬᠤ (ᠲᠤᠬᠠᠢ ᠶ᠋ᠢᠨ ᠰᠲ᠋ᠠᠲ᠋ᠦ᠋ᠰ ᠲᠠᠢ ᠶ᠋ᠢ ᠨᠣᠲᠠᠯᠠᠬᠤ ᠡᠷᢈᠡ ᠪᠦᢈᠦᠢ ᠪᠠᠶᠢᠭᠤᠯᠤᠯᠭ᠎ᠠ ᠶ᠋ᠢᠨ ᠲᠣᠳᠤᠷᠬᠠᠶᠢᠯᠠᠯᠲᠠ ᠲᠠᠢ)
  • ᠭᠠᠳᠠᠭᠠᠳᠤ ᠶ᠋ᠢᠨ ᠳᠡᢉᠡᠳᠦ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠳ᠋ᠤ (rank ᠢ᠋ᠶᠠᠷ ᠲᠣᠫ ᠑᠐᠐) ᠳᠡᠳ᠋ ᠪᠠᠻᠠᠯᠠᠸᠷ᠂ ᠪᠠᠻᠠᠯᠠᠸᠷ᠂ ᠮᠠᢉᠢᠰᠲ᠋ᠷ᠂ ᠳ᠋ᠣᠻᠲ᠋ᠣᠷ ᠤ᠋ᠨ ᢈᠥᠲᠦᠯᠪᠦᠷᠢ ᠪᠡᠷ ᠰᠤᠷᠤᠯᠴᠠᠵᠤ ᠪᠤᠢ ᠡᠰᠡᢈᠦᠯ ᠰᠤᠷᠤᠯᠴᠠᠬᠤ ᠡᠷᢈᠡ ᠠᠪᠤᠭᠰᠠᠨ ᠰᠢᠯᠭᠠᠷᠠᠭᠤᠯᠤᠯᠲᠠ ᠳ᠋ᠤ ᠣᠷᠤᠯᠴᠠᠭᠴᠢ ᠨᠢ:
  • ᠰᠢᠨ᠎ᠡ ᠪᠡᠷ ᠡᠯᠰᠡᠨ ᠰᠤᠷᠤᠯᠴᠠᠬᠤ ᠣᠷᠤᠯᠴᠠᠭᠴᠢ ᠦᠨᠳᠦᠰᠦᠨ ᠠᠩᢉᠢ ᠶ᠋ᠢᠨ ᠰᠤᠷᠤᠯᠴᠠᠬᠤ ᠤᠷᠢᠯᠭ᠎ᠠ ᠠᠪᠤᠭᠰᠠᠨ ᠪᠠᠶᠢᠬᠤ
  • ᠦᠷᢉᠦᠯᠵᠢᠯᠡᢉᠦᠯᠦᠨ ᠰᠤᠷᠤᠯᠴᠠᠭᠴᠢ ᠪᠣᠯ ᠡᠮᠦᠨᠡᢈᠢ ᠤᠯᠠᠷᠢᠯ ᠤ᠋ᠨ ᠭᠣᠣᠯᠴᠢ ᠳ᠋ᠦᠩ ᠠᠪᠤᠪᠠᠯ ᠵᠣᢈᠢᠬᠤ ᠦᠨᠡᠯᠡᢉᠡᠨ ᠦ᠋ ᠗᠕% ᠪᠤᠶᠤ ᠲᠡᢉᠦᠨ ᠡᠴᠡ ᠳᠡᢉᠡᢉᠰᠢ ᠪᠠᠶᠢᠬᠤ ᢉᠡᠰᠡᠨ ᠱᠠᠭᠠᠷᠳᠠᠯᠭ᠎ᠠ ᠬᠠᠩᠭᠠᠭᠰᠠᠨ ᠪᠠᠶᠢᠬᠤ ᠶᠣᠰᠤᠲᠠᠢ ᠶᠤᠮ ᠪᠠᠶᠢᠨ᠎ᠠ᠃  

ᠪᠦᠷᠢᠳᢈᠡᠯ ᠦ᠋ᠨ ᠮᠠᠲ᠋ᠧᠷᠢᠶᠠᠯ ᢈᠦᠯᠢᠶᠡᠨ ᠠᠪᠬᠤ ᠬᠤᠭᠤᠴᠠᠭ᠎ᠠ: ᠒᠐᠒᠕ ᠣᠨ ᠤ᠋ ᠕ ᠳ᠋ᠤᠭᠠᠷ ᠰᠠᠷ᠎ᠠ ᠶ᠋ᠢᠨ ᠑᠕- ᠶ᠋ᠢᠨ ᠡᠳᠦᠷ ᠦ᠋ᠨ ᠑᠕:᠐᠐ ᠴᠠᠭ ᠠ᠋ᠴᠠ ᠒᠐᠒᠕ ᠣᠨ ᠤ᠋ ᠖ ᠳ᠋ᠤᠭᠠᠷ ᠰᠠᠷ᠎ᠠ ᠶ᠋ᠢᠨ ᠑᠓- ᠤ᠋ ᠡᠳᠦᠷ ᠦ᠋ᠨ ᠑᠗:᠓᠐ ᢈᠦᠷᠲᠡᠯ᠎ᠡ ᠦᠷᢉᠦᠯᠵᠢᠯᠡᠨ᠎ᠡ᠃  

ᠪᠦᠷᠢᠳᠦᢉᠦᠯᠦᢉᠰᠡᠨ ᠮᠠᠲ᠋ᠧᠷᠢᠶᠠᠯ ᠢ᠋ ᠪᠤ‍᠂ ᠵᠢ‍᠂ ᠰᠠ‍᠂ ᠤ᠋ᠨ ᠪᠠᠶᠢᠷᠢ ᠑᠑᠐᠖ ᠲᠣᠭᠠᠲᠤ ᠥᠷᠦᢉᠡᠨ ᠳ᠋ᠦ ᠪᠣᠯᠤᠨ http://scholarship@elf.gov.mn ᠴᠠᢈᠢᠮ ᠬᠠᠶ᠋ᠢᠭ ᠢ᠋ᠶᠠᠷ ᢈᠦᠯᠢᠶᠡᠨ ᠠᠪᠴᠤ ᠰᠣᠩᠭᠤᠨ ᠰᠢᠯᠭᠠᠷᠠᠭᠤᠯᠤᠯᠲᠠ ᠶ᠋ᠢᠨ ᠦᠷ᠎ᠡ ᠳ᠋ᠦᠩ ᠢ᠋ ᠪᠦᠷᠢᠳᢈᠡᠯ ᠳᠠᠭᠤᠰᠤᠭᠰᠠᠨ ᠠ᠋ᠴᠠ ᠬᠣᠶᠢᠰᠢ ᠠᠵᠢᠯ ᠤ᠋ᠨ ᠑᠐ ᠬᠣᠨᠤᠭ ᠤ᠋ᠨ ᠳᠣᠲᠤᠷ᠎ᠠ ᠴᠠᢈᠢᠮ ᠬᠠᠭᠤᠳᠠᠰᠤ ᠪᠠᠷ ᠵᠠᠷᠯᠠᠬᠤ ᠶᠤᠮ᠃

ᠳᠡᠯᢉᠡᠷᠡᠩᢉᠦᠢ ᠮᠡᠳᠡᢉᠡᠯᠡᠯ ᠢ᠋  http://www.elf.gov.mn ᠪᠣᠯᠤᠨ ᠗᠐᠐᠔-᠗᠐᠐᠙ /᠑᠑᠐᠕/ ᠳ᠋ᠤᠭᠠᠷ ᠠ᠋ᠴᠠ ᠯᠠᠪᠯᠠᠭᠠᠷᠠᠢ᠃