ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠳᠣᠷᠤᠨᠠᠭᠣᠪᠢ ᠠᠶᠢᠮᠠᠭ ᠲᠤ ᠠᠵᠢᠯᠯᠠᠬᠤ ᠦᠶᠡ ᠪᠡᠷ ᠢ᠋ᠶᠡᠨ ᠠᠶᠢᠮᠠᠭ ᠤ᠋ᠨ ᠪᠣᠯᠪᠠᠰᠤᠷᠠᠯ᠂ ᠰᠤᠷᠭᠠᠯᠲᠠ ᠶ᠋ᠢᠨ ᠪᠠᠶᠢᠭᠤᠯᠤᠯᠭᠠ ᠶ᠋ᠢᠨ ᠪᠠᠭᠰᠢ᠂ ᠠᠵᠢᠯᠲᠠᠨ ᠲᠠᠢ ᠠᠭᠤᠯᠵᠠᠵᠤ «ᠪᠣᠯᠪᠠᠰᠤᠷᠠᠯ ᠤ᠋ᠨ ᠰᠠᠯᠪᠤᠷᠢ ᠳ᠋ᠤ ᠒᠐᠒᠔-᠒᠐᠒᠘ ᠣᠨ ᠳ᠋ᠤ ᠪᠠᠷᠢᠮᠲᠠᠯᠠᠬᠤ ᠪᠣᠳᠤᠯᠭᠠ᠂ ᢈᠡᠷᠡᢉᠵᠢᠯᠲᠡ» ᠰᠡᠳᠦᠪ ᠢ᠋ᠶᠡᠷ ᠢᠯᠡᠳᢈᠡᠯ ᠲᠠᠯᠪᠢᠨ ᠶᠠᠷᠢᠯᠴᠠᠯᠠ᠃
ᠲᠡᠷᠡ ᠪᠡᠷ ᠢᠯᠡᠳᢈᠡᠯ ᠳ᠋ᠦ ᠪᠡᠨ «᠒᠐᠒᠕ ᠣᠨ ᠤ᠋ ᠤᠯᠤᠰ ᠤ᠋ᠨ ᠲᠥᠰᠦᠪ ᠦ᠋ᠨ ᢈᠦᠷᠢᠶᠡᠨ ᠳ᠋ᠦ ᠭᠣᠪᠢ ᠶ᠋ᠢᠨ ᠪᠦᠰᠡ ᠳ᠋ᠦ ᠨᠡᠶᠢᠲᠡ ᠕᠕᠂᠘ ᠲᠡᠷᠪᠤᠮ ᠲᠥᢉᠦᠷᠢᢉ ᠦ᠋ᠨ ᠥᠷᠲᠡᢉ ᠪᠦᢈᠦᠢ ᠙ ᢈᠥᠷᠦᠩᢉᠡ ᠣᠷᠤᠭᠤᠯᠤᠯᠲᠠ ᠶ᠋ᠢᠨ ᠲᠥᠰᠦᠯ ᢈᠡᠷᠡᢉᠵᠢᠵᠦ ᠪᠠᠶᠢᠨᠠ᠃ ᠡᢉᠦᠨ ᠡᠴᠡ ᠳᠣᠷᠤᠨᠠᠭᠣᠪᠢ ᠠᠶᠢᠮᠠᠭ ᠲᠤ ᠓᠒᠂᠑ ᠲᠡᠷᠪᠤᠮ ᠲᠥᢉᠦᠷᠢᢉ ᠦ᠋ᠨ ᠥᠷᠲᠡᢉ ᠲᠡᠢ ᠲᠥᠰᠦᠯ ᠦ᠋ᠳ ᢈᠡᠷᠡᢉᠵᠢᠵᠦ ᠪᠠᠶᠢᠨᠠ᠃ ᠡᢉᠦᠨ ᠳ᠋ᠦ: ᠰᠠᠶᠢᠨᠱᠠᠩᠳᠠ ᠰᠤᠮᠤᠨ ᠳ᠋ᠤ ᠑᠕᠐ ᢈᠡᠦᢈᠡᠳ ᠦ᠋ᠨ ᠴᠡᠴᠡᠷᠯᠢᢉ ᠦ᠋ᠨ ᠪᠠᠷᠢᠯᠭᠠ᠂ ᠠ᠂ ᠰᠢ᠂ ᠤ᠂ ᠦ᠂ ᠶᠡ᠂ ᠰᠤ᠂ ᠶ᠋ᠢᠨ ᠰᠠᠯᠪᠤᠷᠢ ᠰᠤᠷᠭᠠᠭᠤᠯᠢ ᠶ᠋ᠢᠨ ᠴᠣᠭᠴᠠᠯᠠᠪᠤᠷᠢ ᠪᠠᠷᠢᠯᠭᠠ᠂ ᠵᠠᠮ ᠤ᠋ᠨ-ᠡᢉᠦᠳᠡ ᠰᠤᠮᠤᠨ ᠳ᠋ᠤ ᠖᠔᠐᠂ ᠙᠖᠐ ᠰᠠᠭᠤᠳᠠᠯ ᠲᠠᠢ ᠬᠣᠶᠠᠷ ᠰᠤᠷᠭᠠᠭᠤᠯᠢ ᠶ᠋ᠢᠨ ᠪᠠᠷᠢᠯᠭᠠ ᠣᠷᠤᠵᠤ ᠪᠤᠢ ᠶ᠋ᠢ ᠳᠤᠷᠠᠳᠤᠭᠠᠳ «ᠲᠥᠰᠦᠯ ᠦ᠋ᠳ ᠠᠰᠢᠭᠯᠠᠯᠲᠠ ᠳ᠋ᠤ ᠣᠷᠤᠭᠰᠠᠨ ᠤ᠋ ᠳᠠᠷᠠᠭᠠ ᠤᠯᠤᠰ ᠤ᠋ᠨ ᠲᠥᠰᠦᠪ ᠡᠴᠡ ᠲᠣᠨᠤᠭ ᠲᠥᢈᠦᢉᠡᠷᠦᠮᠵᠢ ᠪᠡᠷ ᠬᠠᠩᠭᠠᠨᠠ» ᢉᠡᠯᠡ᠃
ᠮᠥᠨ ᠵᠠᠰᠠᠭ ᠤ᠋ᠨ ᠭᠠᠵᠠᠷ ᠒᠐᠒᠖ ᠣᠨ ᠢ᠋ «ᠪᠣᠯᠪᠠᠰᠤᠷᠠᠯ ᠢ᠋ ᠳᠡᠮᠵᠢᢈᠦ ᠵᠢᠯ» ᠪᠣᠯᠭᠠᠨ ᠵᠠᠷᠯᠠᠵᠤ᠂ ᠰᠤᠷᠭᠠᠭᠤᠯᠢ᠂ ᠴᠡᠴᠡᠷᠯᠢᢉ ᠦ᠋ᠨ ᢈᠦᠷᠲᠡᢉᠡᠮᠵᠢ ᠶ᠋ᠢ ᠨᠡᠮᠡᢉᠳᠡᢉᠦᠯᢈᠦ ᠪᠣᠳᠤᠯᠭᠠ ᠪᠠᠷᠢᠵᠤ ᠪᠠᠶᠢᠨᠠ᠃ ᠡᢉᠦᠨ ᠲᠡᠢ ᠤᠶᠠᠯᠳᠤᠭᠤᠯᠤᠨ ᠳᠣᠷᠤᠨᠠᠭᠣᠪᠢ ᠳ᠋ᠤ ᠰᠠᠯᠪᠤᠷᠢ ᠳᠤᠮᠳᠠ ᠶ᠋ᠢᠨ ᠳᠠᠳᠤᠯᠭᠠ᠂ ᠦᠢᠯᠡᠳᠪᠦᠷᠢᠯᠡᠯ ᠦ᠋ᠨ ᠪᠠᠭᠠᠵᠠ ᠪᠠᠶᠢᠭᠤᠯᠬᠤ ᠪᠠᠷ ᠲᠥᠯᠦᠪᠯᠡᠵᠦ ᠪᠤᠢ ᠶ᠋ᠢ ᠣᠨᠴᠠᠯᠠᠯᠠ᠃
ᠤᠯᠤᠰ ᠤ᠋ᠨ ᠶᠡᢈᠡ ᠬᠤᠷᠠᠯ ᠤ᠋ᠨ ᢉᠡᠰᠢᢉᠦᠨ᠂ ᠨᠡᠶᠢᢉᠡᠮ ᠦ᠋ᠨ ᠪᠣᠳᠤᠯᠭᠠ ᠶ᠋ᠢᠨ ᠪᠠᠶᠢᠩᠭᠤ ᠶ᠋ᠢᠨ ᠬᠣᠷᠢᠶᠠᠨ ᠤ᠋ ᠳᠠᠷᠤᠭᠠ ᠯ᠂ ᠡᠩᢈᠡᠨᠠᠰᠤᠨ ᠮᠥᠨ ᠪᠣᠯᠪᠠᠰᠤᠷᠠᠯ ᠪᠣᠯᠤᠨ ᠨᠡᠶᠢᢉᠡᠮ ᠦ᠋ᠨ ᠪᠣᠳᠤᠯᠭᠠ ᠶ᠋ᠢᠨ ᠠᠰᠠᠭᠤᠳᠠᠯ᠂ ᠬᠠᠤᠯᠢ ᠶ᠋ᠢᠨ ᠰᠢᠨᠡᠴᠢᠯᠡᠯ ᠦ᠋ᠨ ᠲᠠᠯ ᠠ᠋ ᠪᠠᠷ ᠢᠯᠡᠳᢈᠡᠯ ᠲᠠᠯᠪᠢᠨ ᠣᠷᠤᠯᠴᠠᠪᠠ᠃
ᠠᠭᠤᠯᠵᠠᠯᠲᠠ ᠶ᠋ᠢᠨ ᠦᠶᠡ ᠪᠡᠷ ᠪᠣᠯᠪᠠᠰᠤᠷᠠᠯ ᠤ᠋ᠨ ᠰᠠᠯᠪᠤᠷᠢ ᠳ᠋ᠤ ᠦᠨᠡᠲᠡᠢ ᠬᠤᠪᠢ ᠨᠡᠮᠡᠷᠢ ᠣᠷᠤᠭᠤᠯᠤᠭᠰᠠᠨ ᠪᠠᠭᠰᠢ᠂ ᠠᠵᠢᠯᠲᠠᠨ ᠨᠤᠭᠤᠳ ᠲᠤ ᠪᠣᠯᠪᠠᠰᠤᠷᠠᠯ ᠤ᠋ᠨ ᠶᠠᠮᠤᠨ ᠤ᠋ «ᠵᠢᠭᠤᠬᠤ ᠪᠢᠴᠢᢉ» ᠪᠣᠯᠤᠨ «ᠪᠣᠯᠪᠠᠰᠤᠷᠠᠯ ᠤ᠋ᠨ ᠲᠡᠷᠢᢉᠦᠨ ᠦ᠋ ᠠᠵᠢᠯᠲᠠᠨ» ᠴᠣᠯᠠ ᠲᠡᠮᠳᠡᢉ ᠭᠠᠷᠳᠠᠭᠤᠯᠤᠯᠠ᠃