ᠲᠥᠷᠦ ᠶ᠋ᠢᠨ ᠠᠯᠪᠠᠨ ᠤ᠋ ᠵᠥᠪᠯᠡᠯ ᠦ᠋ᠨ ᠪᠣᠯᠪᠠᠰᠤᠷᠠᠯ ᠤ᠋ᠨ ᠶᠠᠮᠤᠨ ᠤ᠋ ᠳᠡᠷᢉᠡᠳᠡᢈᠢ ᠰᠠᠯᠪᠤᠷᠢ ᠵᠥᠪᠯᠡᠯ ᠡᠴᠡ «ᠰᠢᠨᠡᠳᢈᠡᠯ ᠢ᠋ᠶᠡᠷ ᠲᠦᢉᠦᠴᠢᢉᠡᠯᠡᢉᠰᠡᠨ ᠰᠠᠯᠪᠤᠷᠢ ᠵᠥᠪᠯᠡᠯ» ᠠᠶᠠᠨ ᠤ᠋ ᢈᠦᠷᠢᠶᠡᠨ ᠳ᠋ᠦ ᠪᠣᠯᠪᠠᠰᠤᠷᠠᠯ ᠤ᠋ᠨ ᠰᠠᠯᠪᠤᠷᠢ ᠶ᠋ᠢᠨ ᢈᠦᠮᠦᠨ ᠦ᠋ ᠨᠥᢉᠡᠴᠡ ᠶ᠋ᠢᠨ «EDU-HR» ᠻᠯᠦ᠋ᠪ ᠤ᠋ᠨ ᢉᠡᠰᠢᢉᠦᠳ ᠵᠣᠷᠢᠭᠤᠯᠤᠭᠰᠠᠨ ᠮᠠᠩᠯᠠᠶᠢᠯᠠᠯ ᠤ᠋ᠨ ᠑᠐ ᠤᠷᠠ ᠴᠢᠳᠠᠪᠤᠷᠢ ᠶ᠋ᠢ ᠡᠵᠡᠮᠰᠢᢉᠦᠯᢈᠦ ᠰᠤᠷᠭᠠᠯᠲᠠ ᠵᠣᢈᠢᠶᠠᠨ ᠪᠠᠶᠢᠭᠤᠯᠤᠯᠠ᠃
ᠰᠤᠷᠭᠠᠯᠲᠠ ᠪᠠᠷ ᠤᠳᠤᠷᠢᠳᠤᠯᠭᠠ ᠶ᠋ᠢᠨ ᠮᠠᠩᠯᠠᠶᠢᠯᠠᠯ᠂ ᠬᠠᠷᠢᠯᠴᠠᠭᠠ᠂ ᠠᠰᠠᠭᠤᠳᠠᠯ ᠰᠢᠢᠳᠪᠦᠷᠢᠯᠡᢈᠦ ᠠᠷᠭᠠ ᠪᠠᠷᠢᠯ ᠵᠡᠷᢉᠡ ᠴᠢᠳᠠᠮᠵᠢ ᠨᠤᠭᠤᠳ ᠢ᠋ ᠣᠨᠤᠯ᠂ ᠫᠷᠠᠻᠲ᠋ᠢᠻ ᠬᠣᠣᠰᠯᠠᠭᠤᠯᠤᠨ ᠵᠢᠭᠠᠭᠰᠠᠨ ᠠᠭᠠᠳ ᠣᠷᠤᠯᠴᠠᠭᠴᠢᠳ ᠪᠠᠭ ᠢ᠋ᠶᠠᠷ ᠠᠵᠢᠯᠯᠠᠬᠤ᠂ ᠪᠦᠲᠦᢉᠡᠯᠴᠢ ᠰᠡᠳᢈᠢᠯᢉᠡ ᢈᠥᢉᠵᠢᢉᠦᠯᢈᠦ ᠳᠠᠰᠬᠠᠯ᠂ ᢈᠡᠯᠡᠯᠴᠡᢉᠦᠯᢉᠡ ᠳ᠋ᠦ ᠢᠳᠡᠪᢈᠢ ᠲᠡᠢ ᠣᠷᠤᠯᠴᠠᠭᠰᠠᠨ ᠪᠠᠶᠢᠨᠠ᠃
ᠤᠭ ᠰᠤᠷᠭᠠᠯᠲᠠ ᠨᠢ ᢈᠦᠮᠦᠨ ᠦ᠋ ᠨᠥᢉᠡᠴᠡ ᠶ᠋ᠢᠨ ᠮᠡᠷᢉᠡᠵᠢᠯᠲᠡᠨ ᠨᠦ᠋ᢉᠦᠳ ᠢ᠋ ᠪᠠᠶᠢᠭᠤᠯᠤᠯᠭᠠ ᠶ᠋ᠢᠨ ᢈᠥᢉᠵᠢᠯ ᠳ᠋ᠦ ᠮᠠᠩᠯᠠᠶᠢᠯᠠᠨ ᠣᠷᠤᠯᠴᠠᠬᠤᠶᠢᠴᠠ ᠴᠢᠳᠠᠪᢈᠢ ᠲᠠᠢ ᠪᠣᠯᠭᠠᠬᠤ ᠵᠣᠷᠢᠯᠭᠠ ᠲᠠᠢ ᠪᠠᠶᠢᠭᠰᠠᠨ ᠠᠭᠠᠳ ᠣᠷᠤᠯᠴᠠᠭᠴᠢ ᠳ᠋ᠤ ᠮᠡᠳᠡᠯᢉᠡ᠂ᠤᠷᠠ ᠴᠢᠳᠠᠪᠤᠷᠢ ᠪᠠᠨ ᠴᠢᠨᠠᠭᠰᠢᠳᠠ ᠶ᠋ᠢᠨ ᠠᠵᠢᠯ ᠳ᠋ᠤ ᠪᠠᠨ ᠠᠮᠵᠢᠯᠲᠠᠲᠠᠢ ᢈᠡᠷᠡᢉᠵᠢᢉᠦᠯᢈᠦ ᠢᠲᠡᢉᠡᠯᠲᠡᠢ ᠪᠠᠶᠢᠭᠠ ᠪᠠᠨ ᠢᠯᠡᠷᢈᠡᠶᠢᠯᠡᠵᠡᠢ᠃