ᠲᠠᠶᠢᠯᠠᠨ᠋ᠳ᠋ ᠤ᠋ᠨ ᠡᠷᢈᠢᠮᠰᠦᢉ ᢉᠦᠩᠵᠦ ᠮᠠᠬᠠ ᠴᠠᠻᠷᠢᠭ ᠤ᠋ᠨ ᠖᠐ ᠨᠠᠰᠤᠨ ᠤ᠋ ᠣᠢ ᠶ᠋ᠢ ᠲᠣᢈᠢᠶᠠᠯᠳᠤᠭᠤᠯᠤᠨ ᠒᠐᠑᠕ ᠣᠨ ᠠ᠋ᠴᠠ ᠬᠣᠶᠢᠰᠢ ᠬᠣᠶᠠᠷ ᠵᠢᠯ ᠲᠤᠲᠤᠮ ᠵᠡᢉᠦᠨ ᠡᠮᠦᠨᠡᠳᠦ ᠠᠽᠢ ᠶ᠋ᠢᠨ ᠣᠷᠤᠨ ᠨᠤᠭᠤᠳ ᠪᠣᠯᠤᠨ ᠲᠢᠮᠤᠷ-ᠯᠧᠰᠲ᠋ᠧᠳ᠋ «ᠡᠷᢈᠢᠮᠰᠦᢉ ᢉᠦᠩᠵᠦ ᠮᠠᠬᠠ ᠱᠠᠻᠷᠢᠭ ᠤ᠋ᠨ ᠨᠡᠷᠡᠮᠵᠢᠲᠦ ᠱᠠᠩᠨᠠᠯ» ᠣᠯᠭᠤᠵᠤ ᠢᠷᠡᢉᠰᠡᠨ᠃
ᠲᠤᠰ ᠱᠠᠩᠨᠠᠯ ᠨᠢ ᠪᠣᠯᠪᠠᠰᠤᠷᠠᠯ ᠤ᠋ᠨ ᠰᠠᠯᠪᠤᠷᠢ ᠳ᠋ᠤ ᠲᠤᠭᠤᠰᠢᠲᠠᠢ ᠵᠢᠳᢈᠦᢉᠰᠡᠨ᠂ ᢈᠡᠦᢈᠡᠳ ᠦ᠋ᠳ ᠦ᠋ᠨ ᠠᠮᠢᠳᠤᠷᠠᠯ ᠳ᠋ᠤ ᠪᠣᠳᠠᠲᠤ ᠨᠥᠯᠦᢉᠡ ᠦᠵᠡᢉᠦᠯᠦᢉᠰᠡᠨ ᠪᠠᠭᠰᠢ ᠨᠠᠷ ᠢ᠋ ᢈᠦᠨᠳᠦᠳᢈᠡᠨ ᠠᠯᠳᠠᠷᠰᠢᠭᠤᠯᠬᠤ᠂ ᠲᠡᠳᠡᠨ ᠦ᠋ ᠮᠡᠷᢉᠡᠵᠢᠯ ᠦ᠋ᠨ ᢈᠥᢉᠵᠢᠯ᠂ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠ ᠶ᠋ᠢ ᠳᠡᠮᠵᠢᢈᠦ ᠵᠣᠷᠢᠯᠭᠠ ᠲᠠᠢ᠃
᠒᠐᠒᠕ ᠣᠨ ᠠ᠋ᠴᠠ ᠡᢈᠢᠯᠡᠨ ᠲᠤᠰ ᠱᠠᠩᠨᠠᠯ ᠤ᠋ᠨ ᠬᠠᠮᠤᠷᠬᠤ ᢈᠦᠷᠢᠶᠡ ᠶ᠋ᠢ ᠥᠷᢉᠡᠵᠢᢉᠦᠯᠵᠦ᠂ ᠠᠩᠬᠠ ᠤᠳᠠᠭᠠ ᠪᠠᠩᠯᠠᠳ᠋᠋ᠧᠱ᠂ ᠪᠦᠲ᠋ᠠᠨ᠋᠂ ᠮᠣᠩᠭᠣᠯ ᠤᠯᠤᠰ ᠪᠠᠭᠲᠠᠭᠰᠠᠨ ᠪᠠᠶᠢᠨᠠ᠃ ᠮᠣᠩᠭᠤᠯ ᠤᠯᠤᠰ ᠠ᠋ᠴᠠ «ᠡᠨᠡᠷᠢᠯ» ᠮᠡᠷᢉᠡᠵᠢᠯ ᠦ᠋ᠨ ᠪᠣᠯᠪᠠᠰᠤᠷᠠᠯ ᠤ᠋ᠨ ᠰᠤᠷᠭᠠᠭᠤᠯᠢ ᠶ᠋ᠢᠨ ᠰᠤᠷᠭᠠᠯᠲᠠ ᠶ᠋ᠢᠨ ᠮᠧᠨᠧᠵᠧᠷ ᠠ᠂ ᠤᠶᠠᠩᠭᠠ ᠶ᠋ᠢ ᠨᠡᠷᠡ ᠳᠡᠪᠰᠢᢉᠦᠯᠵᠦ᠂ ᠱᠠᠩᠨᠠᠯ ᠣᠯᠭᠤᠬᠤ ᠪᠠᠷ ᠰᠢᠢᠳᠪᠦᠷᠢᠯᠡᢉᠰᠡᠨ ᠢ᠋ᠶᠡᠨ ᠡᠨᠡ ᠣᠨ ᠤ᠋ ᠔ ᠳ᠋ᠤᢉᠡᠷ ᠰᠠᠷᠠ ᠳ᠋ᠤ ᠠᠯᠪᠠᠨ ᠶᠣᠰᠤᠭᠠᠷ ᠮᠡᠳᠡᢉᠳᠡᢉᠰᠡᠨ ᠶᠤᠮ᠃ ᠲᠡᠷᠡ ᠪᠡᠷ ᠡᠷᢈᠢᠮᠰᠦᢉ ᢉᠦᠨᠵᠢ ᠡᠴᠡ ᠡᠨᠡ ᠣᠨ ᠤ᠋ ᠑᠐ ᠳ᠋ᠤᠭᠠᠷ ᠰᠠᠷᠠ ᠶ᠋ᠢᠨ ᠑᠕ ᠳ᠋ᠤ ᠱᠠᠩᠨᠠᠯ ᠢ᠋ᠶᠠᠨ ᠭᠠᠷᠳᠠᠨ ᠠᠪᠤᠨᠠ᠃
ᠪᠣᠯᠪᠠᠰᠤᠷᠠᠯ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠬᠠ᠂ ᠪᠠᠲᠤᠵᠢᠷᠭᠠᠯ ᠲᠠᠢ ᠥᠨᠦᠳᠦᠷ ᠲᠤᠰ ᠱᠠᠩᠨᠠᠯ ᠤ᠋ᠨ ᠰᠠᠩ ᠤ᠋ᠨ ᠳᠠᠷᠤᠭᠠ ᠳ᠋ᠣᠻᠲ᠋ᠣᠷ ᠻᠷᠢᠰᠰᠠᠨᠠᠫᠣᠨ᠋ ᠻᠢᠷᠲ᠋ᠢᠻᠠᠷᠠ ᠲᠡᠷᠢᢉᠦᠲᠡᠢ ᠲᠥᠯᠦᢉᠡᠯᠡᢉᠴᠢᠳ ᠮᠠᠨ ᠤ᠋ ᠤᠯᠤᠰ ᠲᠤ ᠠᠶᠢᠯᠴᠢᠯᠠᠬᠤ ᠦᠶᠡ ᠪᠡᠷ ᠢ᠋ᠶᠡᠨ ᠠᠭᠤᠯᠵᠠᠯᠠ᠃ ᠲᠡᠳᠡ ᠮᠥᠨ «ᠡᠨᠡᠷᠢᠯ» ᠮᠡᠷᢉᠡᠵᠢᠯ ᠦ᠋ᠨ ᠪᠣᠯᠪᠠᠰᠤᠷᠠᠯ ᠤ᠋ᠨ ᠰᠤᠷᠭᠠᠭᠤᠯᠢ ᠪᠣᠯᠤᠨ ᠲᠠᠶᠢᠯᠠᠨ᠋ᠳ᠋ ᠤ᠋ᠨ ᠢᠪᠡᢉᠡᠯ ᠳᠣᠣᠷᠠ ᠲᠥᠰᠦᠯ ᢈᠡᠷᠡᢉᠵᠢᢉᠦᠯᠦᢉᠰᠡᠨ ᠰᠤᠷᠭᠠᠭᠤᠯᠢ ᠨᠤᠭᠤᠳ ᠤ᠋ᠨ ᠦᠶᠢᠯᠡ ᠠᠵᠢᠯᠯᠠᠭᠠ ᠲᠠᠢ ᠲᠠᠨᠢᠯᠴᠠᠵᠡᠢ᠃
0