Хаах

ᠮᠣᠩᠭᠣᠯ ᢈᠡᠯᠡ ᠪᠢᠴᠢᢉ ᠦ᠋ᠨ ᠰᠢᠯᠭᠠᠯᠲᠠ ᠶ᠋ᠢᠨ ᠳ᠋ᠦᠩ ᠵᠠᠷᠯᠠᠭᠳᠠᠯ᠎ᠠ

A- A A+
ᠮᠣᠩᠭᠣᠯ ᢈᠡᠯᠡ ᠪᠢᠴᠢᢉ ᠦ᠋ᠨ ᠰᠢᠯᠭᠠᠯᠲᠠ ᠶ᠋ᠢᠨ ᠳ᠋ᠦᠩ ᠵᠠᠷᠯᠠᠭᠳᠠᠯ᠎ᠠ

ᠪᠣᠯᠪᠠᠰᠤᠷᠠᠯ ᠤ᠋ᠨ ᠦᠨᠡᠯᠡᢉᠡᠨ ᠦ᠋ ᠲᠥᠪ ᠡᠴᠡ ᠥᠨᠦᠳᠦᠷ ᠒᠐᠒᠕ ᠣᠨ ᠤ᠋ ᠮᠣᠩᠭᠣᠯ ᢈᠡᠯᠡ ᠪᠢᠴᠢᢉ ᠦ᠋ᠨ ᠰᠢᠯᠭᠠᠯᠲᠠ ᠶ᠋ᠢᠨ ᠳ᠋ᠦᠩ ᠣᠨᠤᠭ᠎ᠠ ᠶ᠋ᠢ ᠣᠯᠠᠨ ᠨᠡᠶᠢᠲᠡ ᠳ᠋ᠦ ᠵᠠᠷᠯᠠᠯ᠎ᠠ᠃

«᠒᠐᠒᠕ ᠣᠨ ᠤ᠋ ᠮᠣᠩᠭᠣᠯ ᢈᠡᠯᠡ ᠪᠢᠴᠢᢉ ᠦ᠋ᠨ ᠰᠢᠯᠭᠠᠯᠲᠠ ᠳ᠋ᠤ ᠨᠡᠶᠢᠲᠡ ᠘᠓᠓᠗᠔ ᠰᠢᠯᠭᠠᠭᠤᠯᠤᠭᠴᠢ ᠬᠠᠮᠤᠷᠤᠭᠳᠠᠯ᠎ᠠ᠃ ᠥᠩᢉᠡᠷᠡᢉᠰᠡᠨ ᠵᠢᠯ ᠪᠤᠶᠤ ᠒᠐᠒᠔ ᠣᠨ ᠤ᠋ ᠬᠠᠪᠤᠷ ᠓᠓᠓᠖᠑ ᠰᠤᠷᠤᠭᠴᠢ ᠡᠨᠡ ᠰᠢᠯᠭᠠᠯᠲᠠ ᠶ᠋ᠢ ᠥᢉᠴᠦ ᠪᠠᠶᠢᠭᠰᠠᠨ ᠶᠤᠮ᠃  ᠡᠨᠡ ᠵᠢᠯ ᠦ᠋ᠨ ᠬᠤᠪᠢ ᠳ᠋ᠤ ᠑᠒ ᠳ᠋ᠤᠭᠠᠷ ᠠᠩᢉᠢ ᠶ᠋ᠢᠨ ᠰᠤᠷᠤᠭᠴᠢᠳ ᠠ᠋ᠴᠠ ᠭᠠᠳᠠᠨ᠎ᠠ ᠑᠐᠂ ᠑᠑ ᠳ᠋ᠦ᠋ᢉᠡᠷ ᠠᠩᢉᠢ ᠶ᠋ᠢᠨ ᠰᠤᠷᠤᠭᠴᠢᠳ ᠮᠣᠩᠭᠣᠯ ᢈᠡᠯᠡ ᠪᠢᠴᠢᢉ ᠦ᠋ᠨ ᠰᠢᠯᠭᠠᠯᠲᠠ ᠶ᠋ᠢ ᠥᢉᢈᠦ ᠪᠣᠯᠤᠮᠵᠢ ᠲᠠᠢ ᠪᠣᠯᠤᠭᠰᠠᠨ ᠢ᠋ᠶᠠᠷ ᠢ᠋ᠶᠠᠨ ᠣᠨᠴᠠᠯᠢᠭ ᠪᠠᠶᠢᠯ᠎ᠠ᠃  ᠮᠥᠨ ᠮᠣᠩᠭᠤᠯ ᢈᠡᠯᠡ ᠪᠢᠴᠢᢉ ᠦ᠋ᠨ ᠰᠢᠯᠭᠠᠯᠲᠠ ᠶ᠋ᠢᠨ ᠪᠠᠲᠤᠯᠠᠮᠵᠢ ᠬᠠᠭᠤᠳᠠᠰᠤᠨ ᠤ᠋ ᢈᠦᠴᠦᠨ ᠲᠡᠢ ᠬᠤᠭᠤᠴᠠᠭᠠᠨ ᠳ᠋ᠤ ᠥᢉᠡᠷᠡᠴᠢᠯᠡᠯᠲᠡ ᠣᠷᠤᠭᠤᠯᠵᠤ᠂ ᢈᠡᠷᠪᠡ ᠲᠡᠩᠴᠡᢉᠰᠡᠨ ᠪᠣᠯ ᠰᠢᠯᠭᠠᠯᠲᠠ ᠶ᠋ᠢᠨ ᠦᠷ᠎ᠡ ᠳ᠋ᠦᠩ ᠣᠨᠤᠭ᠎ᠠ ᠨᠠᠰᠤᠨ ᠲᠤᠷᠰᠢᠳᠠ ᠨᠢ ᢈᠦᠴᠦᠨ ᠲᠡᠢ ᠪᠠᠶᠢᠬᠤ ᠪᠠᠷ ᠪᠣᠯᠭᠠᠯ᠎ᠠ» ᢉᠡᠵᠦ ᠪᠣᠯᠪᠠᠰᠤᠷᠠᠯ ᠤ᠋ᠨ ᠦᠨᠡᠯᠡᢉᠡᠨ ᠦ᠋ ᠲᠥᠪ ᠦ᠋ᠨ ᠵᠠᢈᠢᠷᠤᠯ ᠭ᠂ ᠭᠠᠩᠲᠤᠶᠠᠭ᠎ᠠ ᠶᠠᠷᠢᠯ᠎ᠠ᠃  

ᠲᠤᠰ ᠲᠥᠪ ᠡᠴᠡ ᠮᠡᠳᠡᢉᠡᠯᠡᠵᠦ ᠪᠤᠢ ᠪᠠᠷ ᠰᠢᠯᠭᠠᠯᠲᠠ ᠶ᠋ᠢᠨ ᠪᠣᠰᠤᠭ᠋ ᠠ᠋ ᠣᠨᠤᠭᠠᠨ ᠤ᠋ ᠪᠣᠯᠵᠤᠯ ᠬᠠᠩᠭᠠᠭ᠎ᠠ ᠦᢉᠡᠢ ᠪᠣᠯ ᠠᠷᠪᠠᠨ ᠬᠣᠶᠠᠳᠤᠭᠠᠷ ᠰᠠᠷ᠎ᠠ ᠳ᠋ᠤ ᠳᠠᢈᠢᠨ ᠥᢉᢈᠦ ᠪᠣᠯᠤᠮᠵᠢ ᠲᠠᠢ᠃  ᢈᠡᠳᠦᠢ ᠪᠡᠷ ᠪᠣᠰᠤᠭ᠎ᠠ ᠣᠨᠤᠭᠠᠨ ᠤ᠋ ᠪᠣᠯᠵᠤᠯ ᠬᠠᠩᠭᠠᠭ᠎ᠠ ᠦᢉᠡᠢ ᠴᠤ ᠡ‍᠂ ᠰᠢ‍᠂ ᠪᠠᠨ ᠥᢉᢈᠦ ᠡᠷᢈᠡ ᠨᠢ ᠨᠡᢉᠡᢉᠡᠯᠲᠡ ᠲᠡᠢ ᢉᠡᠳᠡᢉ ᠢ᠋ ᠳᠠᢈᠢᠨ ᠰᠠᠨᠠᠭᠤᠯᠤᠯ᠎ᠠ᠃

ᠬᠠᠷᠢᠨ ᠰᠢᠯᠭᠠᠯᠲᠠ ᠶ᠋ᠢᠨ ᠳ᠋ᠦᠩ ᠣᠨᠤᠭ᠎ᠠ ᠲᠠᠢ ᠰᠠᠨᠠᠯ ᠨᠡᠶᠢᠯᠡᢈᠦ ᠦᢉᠡᠢ ᠪᠠᠶᠢᠭ᠎ᠠ ᠪᠣᠯ ᠲᠠᠪᠤᠳᠤᠭᠠᠷ ᠰᠠᠷ᠎ᠠ ᠶ᠋ᠢᠨ ᠙-᠑᠓ ᠤ᠋ ᠡᠳᠦᠷ ᠦ᠋ᠳ ᠲᠦ ᠪᠣᠯᠪᠠᠰᠤᠷᠠᠯ ᠤ᠋ᠨ ᠦᠨᠡᠯᠡᢉᠡᠨ ᠦ᠋ ᠲᠥᠪ ᠲᠦ ᠬᠠᠨᠳᠤᠨ ᠡᠷᢉᠦᠳᠡᠯ ᠭᠠᠷᠭᠠᠨ ᠥᠪᠡᠷ ᠦ᠋ᠨ ᠰᠢᠯᠭᠠᠯᠲᠠ ᠶ᠋ᠢᠨ ᠮᠠᠲ᠋ᠧᠷᠢᠶᠠᠯ ᠲᠠᠢ ᠪᠠᠨ ᠲᠠᠨᠢᠯᠴᠠᠬᠤ ᠪᠣᠯᠤᠮᠵᠢ ᠲᠠᠢ᠃  

ᠡᠷᢉᠦᠳᠡᠯ ᠢ᠋ ᠰᠢ‍᠂ ᠤ‍᠂ ᠲᠸ‍᠂ ᠶᠡ‍᠂ ᠰᠤ‍᠂ ᠶ᠋ᠢᠨ Т ᠪᠠᠶᠢᠷᠢᠨ ᠤ᠋ ᠬᠣᠶᠠᠷ ᠳᠠᠪᠬᠤᠷ ᠤ᠋ᠨ ᠒᠐᠗ ᠲᠣᠭᠠᠲᠤ ᠲᠠᠩᢈᠢᠮ ᠳ᠋ᠤ ᠠᠵᠢᠯ ᠤ᠋ᠨ ᠴᠠᠭ ᠢ᠋ᠶᠠᠷ ᢈᠦᠯᠢᠶᠡᠨ ᠠᠪᠬᠤ ᠠᠭᠠᠳ ᠰᠢᠯᠭᠠᠯᠲᠠ ᠶ᠋ᠢᠨ ᠬᠠᠷᠢᠭᠤ ᠭᠠᠷᠤᠭᠰᠠᠨ ᠲᠠᠢ ᠬᠣᠯᠪᠤᠭ᠎ᠠ ᠲᠠᠢ ᠪᠠᠷ ᠪᠢᠮᠪᠠ᠂ ᠨᠢᠮ᠎ᠠ ᠭᠠᠷᠠᠭ ᠲᠤ ᠙-᠑᠘ ᠴᠠᠭ ᠲᠤ ᠠᠵᠢᠯᠯᠠᠬᠤ ᠶᠤᠮ ᠪᠠᠶᠢᠨ᠎ᠠ᠃