Хаах

«ᠮᠠᠲ᠋ᠧᠮᠠᠲ᠋ᠢᠭ ᠤ᠋ᠨ ᠑᠐᠐᠐ ᠪᠣᠳᠤᠯᠭ᠎ᠠ» ᠨᠡᢉᠡᢉᠡᠯᠲᠡ ᠲᠡᠢ ᠨᠡᠶᠢᠲᠡᠯᠡᢉᠳᠡᠯ᠎ᠡ

A- A A+
«ᠮᠠᠲ᠋ᠧᠮᠠᠲ᠋ᠢᠭ ᠤ᠋ᠨ ᠑᠐᠐᠐ ᠪᠣᠳᠤᠯᠭ᠎ᠠ» ᠨᠡᢉᠡᢉᠡᠯᠲᠡ ᠲᠡᠢ ᠨᠡᠶᠢᠲᠡᠯᠡᢉᠳᠡᠯ᠎ᠡ

«ᠡᠯᠰᠡᠯᠲᠡ ᠶ᠋ᠢᠨ ᠰᠢᠯᠭᠠᠯᠲᠠ-᠒᠐᠒᠕»- ᠢ᠋ᠨ ᠮᠠᠲ᠋ᠧᠮᠠᠲ᠋ᠢᠭ ᠤ᠋ᠨ ᢈᠢᠴᠢᠶᠡᠯ ᠦ᠋ᠨ ᠨᠡᢉᠡᢉᠡᠯᠲᠡ ᠲᠡᠢ ᠳᠠᠭᠠᠭᠠᠯᠭᠠᠪᠤᠷᠢ ᠨᠤᠭᠤᠳ ᠨᠡᠶᠢᠲᠡᠯᠡᢉᠳᠡᠯ᠎ᠡ᠃  ᠡᠨᠡ ᠤᠳᠠᠭ᠎ᠠ ᠶ᠋ᠢᠨ ᠡᠯᠰᠡᠯᠲᠡ ᠶ᠋ᠢᠨ ᠰᠢᠯᠭᠠᠯᠲᠠ ᠶ᠋ᠢ ᠡᠳᠡᢉᠡᠷ ᠨᠡᢉᠡᢉᠡᠯᠲᠡ ᠲᠡᠢ ᠑᠐᠐᠐ ᠳᠠᠭᠠᠭᠠᠯᠭᠠᠪᠤᠷᠢ ᠠ᠋ᠴᠠ ᠰᠣᠩᠭᠤᠨ ᠠᠪᠤᠨ᠎ᠠ᠃  ᠨᠡᢉᠡᢉᠡᠯᠲᠡ ᠲᠡᠢ ᠳᠠᠭᠠᠭᠠᠯᠭᠠᠪᠤᠷᠢ ᠠ᠋ᠴᠠ ᠪᠯᠦ᠋ᠫᠷᠢᠨ᠋ᠲ ᠦ᠋ᠨ ᠳᠠᠭᠠᠭᠤ ᠰᠢᠭᠤᠳ ᠰᠣᠩᠭᠤᠵᠤ ᠪᠤᠢ ᠨᠢ ᠠᠩᠬᠠᠨ ᠤ᠋ ᠲᠣᢈᠢᠶᠠᠯᠳᠤᠯ ᠪᠥᢉᠡᠳ ᠡᠳᠡᢉᠡᠷ ᠮᠢᠩᠭᠠᠨ ᠪᠣᠳᠤᠯᠭ᠎ᠠ ᠶ᠋ᠢ ᠪᠣᠳᠤᠭᠰᠠᠨ ᠪᠠᠶᠢᠬᠤ ᠳ᠋ᠤ ᠰᠤᠷᠤᠭᠴᠢᠳ ᠮᠠᠲ᠋ᠧᠮᠠᠲ᠋ᠢᠭ ᠲᠤ ᠱᠠᠭᠠᠷᠳᠠᠯᠭᠠᠲᠠᠢ ᠮᠡᠳᠡᠯᢉᠡ᠂ ᠴᠢᠳᠠᠪᠤᠷᠢ ᠪᠠᠨ ᠣᠯᠵᠤ ᠠᠪᠬᠤ ᠪᠣᠯᠤᠮᠵᠢ ᠪᠦᠷᠢᠨ ᠨᠡᢉᠡᢉᠡᢉᠳᠡᠨ᠎ᠡ᠃  

ᠡᠨᠡ ᠨᠢ ᠵᠥᠪᢈᠡᠨ ᠮᠠᠲ᠋ᠧᠮᠠᠲ᠋ᠢᠭ ᠤ᠋ᠨ ᢈᠢᠴᠢᠶᠡᠯ ᠳᠡᢉᠡᠷ᠎ᠡ ᢈᠢᢉᠳᠡᠵᠦ ᠡᢈᠢᠯᠡᢉᠰᠡᠨ ᠪᠥᢉᠡᠳ ᠴᠢᠨᠠᠭᠰᠢᠳᠠ ᠪᠤᠰᠤᠳ ᢈᠢᠴᠢᠶᠡᠯ ᠦ᠋ᠳ ᠳᠡᢉᠡᠷ᠎ᠡ ᠳᠠᠭᠠᠭᠠᠯᠭᠠᠪᠤᠷᠢ ᠶ᠋ᠢ ᠨᠡᢉᠡᢉᠡᠯᠲᠡᠲᠡᠢ ᠪᠣᠯᠭᠠᠬᠤ ᠪᠣᠯᠤᠮᠵᠢ ᠶ᠋ᠢ ᠪᠦᠷᠢᠳᠦᢉᠦᠯᢈᠦ ᠪᠡᠷ ᠠᠵᠢᠯᠯᠠᠵᠤ ᠪᠠᠶᠢᠨ᠎ᠠ᠃  

ᠨᠡᢉᠡᢉᠡᠯᠲᠡᠲᠡᠢ ᠳᠠᠭᠠᠭᠠᠯᠭᠠᠪᠤᠷᠢ ᠶ᠋ᠢᠨ ᠰᠢᠰᠲ᠋ᠧᠮ ᠦ᠋ᠨ ᠰᠢᠨ᠎ᠡ ᠬᠤᠪᠢᠯᠪᠤᠷᠢ ᠶ᠋ᠢ ᠪᠣᠯᠪᠠᠰᠤᠷᠠᠭᠤᠯᠤᠨ ᠨᠡᠪᠲᠡᠷᠡᢉᠦᠯᠵᠦ ᠡᢈᠢᠯᠡᠯ᠎ᠡ᠃ ᠢᠩᢉᠢᢉᠰᠡᠨ ᠢ᠋ᠶᠡᠷ ᠳᠠᠭᠠᠭᠠᠯᠭᠠᠪᠤᠷᠢ ᠪᠣᠯᠪᠠᠰᠤᠷᠠᠭᠤᠯᠬᠤ ᠠᠵᠢᠯ ᠣᠯᠠᠨ ᠨᠡᠶᠢᠲᠡ ᠳ᠋ᠦ ᠨᠡᢉᠡᢉᠡᠯᠲᠡᠲᠡᠢ ᠪᠣᠯᠵᠤ᠂ ᠱᠠᠭᠠᠷᠳᠠᠯᠭ᠎ᠠ ᠬᠠᠩᠭᠠᠭᠰᠠᠨ ᠲᠣᢈᠢᠶᠠᠯᠳᠤᠯ ᠳ᠋ᠤ ᢈᠡᠨ ᠡᠴᠡ ᠴᠤ ᠳᠠᠭᠠᠭᠠᠯᠭᠠᠪᠤᠷᠢ ᠶ᠋ᠢ ᢈᠦᠯᠢᠶᠡᠨ ᠠᠪᠬᠤ ᠪᠣᠯᠤᠮᠵᠢ ᠨᠡᢉᠡᢉᠡᢉᠳᠡᠵᠦ ᠪᠠᠶᠢᠨ᠎ᠠ᠃  ᠡᠮᠦᠨ᠎ᠡ ᠨᠢ ᠳᠠᠭᠠᠭᠠᠯᠭᠠᠪᠤᠷᠢ ᠪᠣᠯᠪᠠᠰᠤᠷᠠᠭᠤᠯᠬᠤ ᠳ᠋ᠤ ᠪᠠᠨ ᠴᠥᢉᠡᠨ ᠲᠣᠭᠠᠨ ᠤ᠋ ᠪᠠᠭᠰᠢ ᠨᠠᠷ ᠢ᠋ ᠰᠣᠩᠭᠤᠨ ᠸᠠᠻᠦ᠋ᠮᠵᠢᠭᠤᠯᠵᠤ ᠠᠵᠢᠯᠯᠠᠳᠠᠭ ᠪᠠᠶᠢᠭᠰᠠᠨ ᠢ᠋ ᠡᠶᠢᠨ ᢈᠦ ᠥᢉᠡᠷᠡᠴᠢᠯᠡᠯ᠎ᠡ᠃  ᠱᠠᠭᠠᠷᠳᠠᠯᠭ᠎ᠠ ᠬᠠᠩᠭᠠᠭᠰᠠᠨ ᠳᠠᠭᠠᠭᠠᠯᠭᠠᠪᠤᠷᠢ ᠨᠤᠭᠤᠳ ᠢ᠋ ᠮᠡᠳᠡᢉᠡᠯᠡᠯ ᠳᠠᠮᠵᠢᠭᠤᠯᠬᠤ ᠲᠧᠻᠨᠣᠯᠣᢉᠢ ᠶ᠋ᠢᠨ ᠰᠢᠨ᠎ᠡ ᠰᠢᠢᠳᠦᠯ ᠦ᠋ᠨ ᠳᠠᠭᠠᠭᠤ ᠰᠤᠷᠭᠠᠯᠲᠠ ᠶ᠋ᠢᠨ ᠪᠠᠶᠢᠭᠤᠯᠤᠯᠭ᠎ᠠ ᠪᠣᠯᠤᠨ ᠰᠤᠷᠭᠠᠭᠤᠯᠢ ᠶ᠋ᠢᠨ ᠤᠳᠤᠷᠢᠳᠤᠯᠭ᠎ᠠ ᠶ᠋ᠢᠨ ᠰᠢᠰᠲ᠋ᠧᠮ ᠳ᠋ᠦ ᠨᠡᠶᠢᠲᠡᠯᠡᠨ᠎ᠡ᠃