ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠪᠤᠯᠠᠭᠠᠨ ᠠᠶᠢᠮᠠᠭ ᠲᠤ ᠠᠵᠢᠯᠯᠠᠬᠤ ᠦᠶᠡ ᠪᠡᠷ ᠢ᠋ᠶᠡᠨ ᠠᠶᠢᠮᠠᠭ ᠤ᠋ᠨ ᠪᠣᠯᠪᠠᠰᠤᠷᠠᠯ᠂ ᠰᠤᠷᠭᠠᠯᠲᠠ ᠶ᠋ᠢᠨ ᠪᠠᠶᠢᠭᠤᠯᠤᠯᠭᠠ ᠶ᠋ᠢᠨ ᠪᠠᠭᠰᠢ᠂ ᠠᠵᠢᠯᠲᠠᠨ ᠲᠠᠢ ᠠᠭᠤᠯᠵᠠᠵᠤ «ᠪᠣᠯᠪᠠᠰᠤᠷᠠᠯ ᠤ᠋ᠨ ᠰᠠᠯᠪᠤᠷᠢ ᠳ᠋ᠤ ᠒᠐᠒᠔-᠒᠐᠒᠘ ᠣᠨ ᠳ᠋ᠤ ᠪᠠᠷᠢᠮᠲᠠᠯᠠᠬᠤ ᠪᠣᠳᠤᠯᠭᠠ᠂ ᢈᠡᠷᠡᢉᠵᠢᠯᠲᠡ» ᠰᠡᠳᠦᠪ ᠢ᠋ᠶᠡᠷ ᠢᠯᠡᠳᢈᠡᠯ ᠲᠠᠯᠪᠢᠨ ᠶᠠᠷᠢᠯᠴᠠᠯᠠ᠃
ᠲᠡᠷᠡ ᠪᠡᠷ ᠢᠯᠡᠳᢈᠡᠯ ᠢ᠋ᠶᠡᠷ ᠢ᠋ᠶᠡᠨ ᠪᠣᠯᠪᠠᠰᠤᠷᠠᠯ ᠤ᠋ᠨ ᠰᠠᠯᠪᠤᠷᠢ ᠳ᠋ᠤ ᠒᠐᠒᠔-᠒᠐᠒᠘ ᠣᠨ ᠳ᠋ᠤ «ᠡᠷᠳᠡᠮ ᠪᠣᠯᠪᠠᠰᠤᠷᠠᠯ ᠲᠠᠢ ᠮᠣᠩᠭᠣᠯ ᢈᠦᠮᠦᠨ» ᠵᠣᠷᠢᠯᠲᠠ ᠶ᠋ᠢᠨ ᢈᠦᠷᠢᠶᠡᠨ ᠳ᠋ᠦ ᢈᠡᠷᠡᢉᠵᠢᢉᠦᠯᢈᠦ ᠪᠣᠳᠤᠯᠭᠠ ᠨᠤᠭᠤᠳ ᠤ᠋ᠨ ᠲᠠᠯ ᠠ᠋ ᠪᠠᠷ ᠳᠡᠯᢉᠡᠷᠡᠩᢉᠦᠢ ᠮᠡᠳᠡᢉᠡᠯᠡᠯ ᠥᢉᠴᠦ᠂ ᠰᠣᠨᠢᠷᠬᠠᠭᠰᠠᠨ ᠠᠰᠠᠭᠤᠯᠲᠠ ᠳ᠋ᠤ ᠨᠢ ᠬᠠᠷᠢᠭᠤᠯᠠᠵᠤ᠂ ᠰᠠᠨᠠᠯ ᢈᠦᠰᠡᠯᠲᠡ ᠶ᠋ᠢ ᠨᠢ ᠰᠣᠨᠤᠰᠤᠯᠠ᠃
ᠡᠨᠡ ᢈᠦ ᠠᠭᠤᠯᠵᠠᠯᠲᠠ ᠳ᠋ᠤ ᠤ᠂ ᠶᠡ᠂ ᠬᠤ᠂ ᠤ᠋ᠨ ᢉᠡᠰᠢᢉᠦᠨ ᠫ᠂ ᠭᠠᠩᠵᠣᠷᠢᠭ᠂ ᠪᠣᠯᠪᠠᠰᠤᠷᠠᠯ ᠤ᠋ᠨ ᠶᠠᠮᠤᠨ ᠤ᠋ ᠰᠠᠩᢈᠦᠦ᠂ ᢈᠥᠷᠦᠩᢉᠡ ᠣᠷᠤᠭᠤᠯᠤᠯᠲᠠ ᠶ᠋ᠢᠨ ᠭᠠᠵᠠᠷ ᠤ᠋ᠨ ᠳᠠᠷᠤᠭᠠ ᠪ᠃ ᠪᠠᠲᠤᠴᠡᠴᠡᢉ᠂ ᠶᠡᠷᠦᠩᢈᠡᠢ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠮ᠂ ᠴᠣᠭᠵᠤᠯᠮᠠ ᠪᠣᠯᠤᠨ ᠪᠣᠯᠪᠠᠰᠤᠷᠠᠯ ᠤ᠋ᠨ ᠶᠠᠮᠤᠨ ᠤ᠋ ᠠᠬᠠᠯᠠᠬᠤ ᠰᠢᠨᠵᠢᢉᠡᠴᠢᠳ᠂ ᠮᠡᠷᢉᠡᠵᠢᠯᠲᠡᠨ ᠨᠦ᠋ᢉᠦᠳ ᠪᠠᠶᠢᠯᠴᠠᠯᠠ᠃ ᠮᠥᠨ ᠪᠤᠯᠠᠭᠠᠨ ᠠᠶᠢᠮᠠᠭ ᠤ᠋ᠨ ᠵᠠᠰᠠᠭ ᠳᠠᠷᠤᠭᠠ ᠶ᠋ᠢᠨ ᠣᠷᠤᠯᠠᠭᠴᠢ ᠣ᠂ᠤᠨᠳᠤᠷᠬᠤ᠂ ᠲᠤᠰ ᠠᠶᠢᠮᠠᠭ ᠤ᠋ᠨ ᠒᠒ ᠰᠤᠷᠭᠠᠭᠤᠯᠢ᠂ ᠒᠒ ᠴᠡᠴᠡᠷᠯᠢᢉ᠂ ᠨᠠᠰᠤᠨ ᠲᠤᠷᠰᠢ ᠶ᠋ᠢᠨ ᠰᠤᠷᠭᠠᠯᠲᠠ ᠶ᠋ᠢᠨ ᠲᠥᠪ᠂ ᠪᠤᠯᠠᠭᠠᠨ ᠫᠣᠯᠢᠲ᠋ᠧᠻᠨᠢᢉ ᠻᠣᠯᠯᠧᠵᠢ ᠶ᠋ᠢᠨ ᠤᠳᠤᠷᠢᠳᠤᠯᠭᠠ᠂ ᠪᠠᠭᠰᠢ ᠨᠠᠷ ᠤ᠋ᠨ ᠲᠥᠯᠦᢉᠡᠯᠡᠯ ᠵᠡᠷᢉᠡ ᠨᠡᠶᠢᠲᠡ ᠑᠔᠐ ᠭᠠᠷᠤᠢ ᢈᠦᠮᠦᠨ ᠣᠷᠤᠯᠴᠠᠵᠡᠢ᠃
ᠰᠠᠶᠢᠳ ᠫᠦ᠂ ᠨᠠᠷᠠᠨᠪᠠᠶᠠᠷ ᠒᠐᠒᠖ ᠣᠨ ᠢ᠋ «ᠪᠣᠯᠪᠠᠰᠤᠷᠠᠯ ᠢ᠋ ᠳᠡᠮᠵᠢᢈᠦ ᠵᠢᠯ» ᠪᠣᠯᠭᠠᠨ ᠵᠠᠷᠯᠠᠭᠰᠠᠨ ᠨᠢ ᠰᠤᠷᠭᠠᠭᠤᠯᠢ ᠶ᠋ᠢᠨ ᢈᠦᠷᠲᠡᢉᠡᠮᠵᠢ ᠶ᠋ᠢ ᠨᠡᠮᠡᢉᠳᠡᢉᠦᠯᢈᠦ᠂ ᠪᠠᠭᠰᠢ ᠶ᠋ᠢᠨ ᢈᠥᢉᠵᠢᠯ ᠢ᠋ ᠳᠡᠮᠵᠢᢈᠦ᠂ ᠴᠠᢈᠢᠮ ᠰᠢᠯᠵᠢᠯᠲᠡ ᠶ᠋ᠢ ᠡᠷᠴᠢᠮᠵᠢᢉᠦᠯᢈᠦ ᠵᠡᠷᢉᠡ ᠵᠢᠷᠭᠤᠭᠠᠨ ᠴᠢᢉᠯᠡᠯ ᠢ᠋ᠶᠡᠷ ᠰᠢᠨᠡᠴᠢᠯᠡᠯ ᢈᠢᢈᠦ ᠪᠣᠯᠤᠮᠵᠢ ᠪᠦᠷᠢᠳᠴᠦ ᠪᠠᠶᠢᠨᠠ᠃ ᠒᠐᠓᠐ ᠣᠨ ᢉᠡᢈᠦ ᠳ᠋ᠦ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠳ᠋ᠤ ᠡᠯᠰᠡᢈᠦ ᠰᠤᠷᠤᠭᠴᠢᠳ ᠤ᠋ᠨ ᠲᠣᠭᠠ ᠘᠘ ᠮᠢᠩᠭᠠ ᠪᠠᠷ ᠨᠡᠮᠡᢉᠳᠡᢈᠦ ᠲᠤᠯᠠ ᠑᠐᠘ ᠰᠤᠷᠭᠠᠭᠤᠯᠢ᠂ ᠙᠕ ᠴᠡᠴᠡᠷᠯᠢᢉ ᠰᠢᠨᠡ ᠪᠡᠷ ᠪᠠᠷᠢᠬᠤ ᠱᠠᠭᠠᠷᠳᠠᠯᠭᠠᠲᠠᠢ ᠶ᠋ᠢ ᠣᠨᠴᠠᠯᠠᠯᠠ᠃