Хаах

ᠡᠨᠡᠳᢈᠡᢉ ᠲᠦ ᠰᠤᠷᠴᠤ ᠪᠤᠢ ᠯᠠᠮᠠᠬᠠᠢ ᠨᠠᠷ ᢉᠡᠷ ᠦ᠋ᠨ ᢈᠢᠨ ᠳ᠋ᠦ ᠪᠡᠨ ᠵᠠᢈᠢᠳᠠᠯ ᠢᠯᠡᢉᠡᠵᠡᠢ

A- A A+
ᠡᠨᠡᠳᢈᠡᢉ ᠲᠦ ᠰᠤᠷᠴᠤ ᠪᠤᠢ ᠯᠠᠮᠠᠬᠠᠢ ᠨᠠᠷ ᢉᠡᠷ ᠦ᠋ᠨ ᢈᠢᠨ ᠳ᠋ᠦ ᠪᠡᠨ ᠵᠠᢈᠢᠳᠠᠯ ᠢᠯᠡᢉᠡᠵᠡᠢ

ᠪᠣᠯᠪᠠᠰᠤᠷᠠᠯ ᠤ᠋ᠨ ᠶᠠᠮᠤᠨ ᠠ᠋ᠴᠠ ᠪᠦ‍᠂ ᠨᠠ‍᠂ ᠡ‍᠂ ᠤ‍᠂ ᠳ᠋ᠠᢈᠢ ᠪᠤᠳ᠋ᠳ᠋ᠾᠠ ᠶ᠋ᠢᠨ ᠳᠠᠴᠠᠩ᠂ ᢈᠡᠶᠢᠳ ᠲᠦ ᠱᠠᠪᠢᠯᠠᠨ ᠰᠤᠷᠤᠯᠴᠠᠵᠤ ᠪᠤᠢ ᠮᠣᠩᠭᠣᠯ ᠤᠯᠤᠰ ᠤ᠋ᠨ ᠢᠷᢉᠡᠨ ᢈᠡᠦᢈᠡᠳ᠂ ᠵᠠᠯᠠᠭᠤᠴᠤᠳ ᠢ᠋ ᠪᠦᠷᠢᠳᢈᠡᠵᠦ᠂ ᠯᠠᠮᠠᠬᠠᠢ ᠨᠠᠷ ᠢ᠋ᠢᠠᠨ ᠡᠷᢉᠢᢉᠡᠳ ᠢᠷᠡᢉᠰᠡᠨ ᠪᠢᠯᠡ᠃  

ᠪᠣᠯᠪᠠᠰᠤᠷᠠᠯ ᠤ᠋ᠨ ᠶᠠᠮᠤᠨ ᠤ᠋ ᠲᠡᢉᠰᠢ ᠬᠠᠮᠤᠷᠤᠨ ᠰᠤᠷᠭᠠᠬᠤ ᠪᠣᠯᠪᠠᠰᠤᠷᠠᠯ ᠤ᠋ᠨ ᢈᠡᠯᠲᠡᠰ ᠦ᠋ᠨ ᠳᠠᠷᠤᠭ᠎ᠠ ᠭ᠂ ᠰᠠᠷᠠᠨᢈᠦ᠋ᠦ ᠪᠡᠷ ᠠᠬᠠᠯᠠᠭᠤᠯᠤᠭᠰᠠᠨ ᠲᠤᠰ ᠪᠠᠭ ᠳᠠᠴᠠᠩ ᢈᠡᠶᠢᠳ ᠦ᠋ᠳ ᠢ᠋ᠶᠡᠷ ᠶᠠᠪᠤᠵᠤ ᠰᠤᠷᠤᠯᠴᠠᠭᠴᠢ ᠨᠠᠷ ᠲᠠᠢ ᠠᠭᠤᠯᠵᠠᠵᠤ᠂ ᠲᠡᠳᠡᠨ ᠦ᠋ ᠠᠬᠤᠢ ᠠᠮᠢᠳᠤᠷᠠᠯ ᠲᠠᠢ ᠲᠠᠨᠢᠯᠴᠠᠬᠤ ᠦᠶ᠎ᠡ ᠪᠡᠷ ᠯᠠᠮᠠᠬᠠᠢ ᠨᠠᠷ ᠠᠷᠤ ᢉᠡᠷ ᠦ᠋ᠨ ᢈᠢᠨ ᠳ᠋ᠦ ᠪᠡᠨ ᠥᠪᠡᠷᠰᠡᠳ ᠦ᠋ᠨ ᠪᠢᠴᠢᢉᠰᠡᠨ ᠵᠠᢈᠢᠳᠠᠯ ᠢ᠋ᠶᠠᠨ ᠳᠠᠶᠢᠵᠡᠢ᠃

ᠲᠡᠳᠡᢉᠡᠷ ᠵᠠᢈᠢᠳᠠᠯ ᠤ᠋ᠳ ᠠ᠋ᠴᠠ ᢈᠥᠳᠡᢉᠡ ᠣᠷᠤᠨ ᠨᠤᠲᠤᠭ ᠤ᠋ᠨ ᢈᠢ ᠶ᠋ᠢ ᠨᠢ ᠰᠢᠤᠳᠠᠨ ᠢ᠋ᠶᠠᠷ ᠢᠯᠡᢉᠡᠵᠦ᠂ ᠬᠣᠲᠠ ᠶ᠋ᠢᠨ ᢈᠢᠨ ᠤ᠋ ᠵᠠᢈᠢᠳᠠᠯ ᠢ᠋ ᠡᠴᠢᢉᠡ ᠡᢈᠡ᠂ ᠠᠰᠠᠷᠠᠨ ᠬᠠᠮᠠᠭᠠᠯᠠᠭᠴᠢᠳ ᠲᠤ ᠪᠡᠶᠡᠴᠢᠯᠡᠨ ᠥᢉᠴᠦ᠂ ᠯᠠᠮᠠᠬᠠᠢ ᠨᠠᠷ ᠤ᠋ᠨ ᢈᠡᠷᢈᠢᠨ ᠰᠤᠷᠴᠤ᠂ ᠠᠮᠢᠳᠤᠷᠠᠵᠤ ᠪᠠᠶᠢᠭ᠎ᠠ ᠲᠠᠯ ᠠ᠋ ᠪᠠᠷ ᠮᠡᠳᠡᢉᠡᠯᠡᠯ ᠥᢉᠴᠦ᠂ ᠠᠷᠤ ᢉᠡᠷ ᠦ᠋ᠨ ᢈᠢᠨ ᠲᠡᠢ ᠬᠠᠯᠠᠭᠤᠨ ᠶᠠᠷᠢᠶ᠎ᠠ ᠥᠷᠨᠢᢉᠦᠯᠦᠯ᠎ᠡ᠃