Хаах

«ᠮᠣᠩᠭᠤᠯ ᠳᠣᢈᠢᠶᠠᠨ ᠤ᠋ ᢈᠡᠯᠡᠨ ᠦ᠋ ᠠᠩᠬᠠᠨ ᠱᠠᠲᠤᠨ ᠤ᠋ ᠮᠡᠳᠡᠯᢉᠡ ᠴᠢᠳᠠᠪᠤᠷᠢ ᠣᠯᠭᠤᠬᠤ ᠰᠤᠷᠭᠠᠯᠲᠠ» ᠵᠣᢈᠢᠶᠠᠨ ᠪᠠᠶᠢᠭᠤᠯᠤᠭᠳᠠᠵᠤ ᠪᠠᠶᠢᠨ᠎ᠠ

A- A A+
«ᠮᠣᠩᠭᠤᠯ ᠳᠣᢈᠢᠶᠠᠨ ᠤ᠋ ᢈᠡᠯᠡᠨ ᠦ᠋ ᠠᠩᠬᠠᠨ ᠱᠠᠲᠤᠨ ᠤ᠋ ᠮᠡᠳᠡᠯᢉᠡ ᠴᠢᠳᠠᠪᠤᠷᠢ ᠣᠯᠭᠤᠬᠤ ᠰᠤᠷᠭᠠᠯᠲᠠ» ᠵᠣᢈᠢᠶᠠᠨ ᠪᠠᠶᠢᠭᠤᠯᠤᠭᠳᠠᠵᠤ ᠪᠠᠶᠢᠨ᠎ᠠ

ᠪᠣᠯᠪᠠᠰᠤᠷᠠᠯ ᠤ᠋ᠨ ᠶᠠᠮᠤᠨ ᠠ᠋ᠴᠠ ᠰᠠᠯᠪᠤᠷᠢ ᠶ᠋ᠢᠨ ᠲᠥᠷᠦ ᠶ᠋ᠢᠨ ᠵᠠᢈᠢᠷᠭᠠᠨ ᠤ᠋ ᠪᠣᠯᠤᠨ ᠬᠠᠷᠢᠶ᠎ᠠ ᠪᠠᠶᠢᠭᠤᠯᠤᠯᠭ᠎ᠠ ᠶ᠋ᠢᠨ ᠠᠯᠪᠠᠨ ᠬᠠᠭᠠᠭᠴᠢᠳ ᠤ᠋ᠨ ᠳᠣᢈᠢᠶᠠᠨ ᠤ᠋ ᢈᠡᠯᠡᠨ ᠦ᠋ ᠤᠷ᠎ᠠ ᠴᠢᠳᠠᠪᠤᠷᠢ ᠶ᠋ᠢ ᢈᠥᢉᠵᠢᢉᠦᠯᢈᠦ᠂ ᠰᠣᠨᠤᠰᠬᠠᠯ ᠦᢉᠡᠢ ᠢᠷᢉᠡᠳ ᠲᠡᠢ ᠳᠣᢈᠢᠶᠠᠨ ᠤ᠋ ᢈᠡᠯᠡ ᠪᠡᠷ ᠬᠠᠷᠢᠯᠴᠠᠬᠤ ᠪᠣᠯᠤᠮᠵᠢ ᠶ᠋ᠢ ᠨᠡᠮᠡᢉᠳᠡᢉᠦᠯᢈᠦ ᠵᠣᠷᠢᠯᠭ᠎ᠠ ᠪᠠᠷ ᠪᠣᠯᠪᠠᠰᠤᠷᠠᠯ ᠤ᠋ᠨ ᠳᠡᠯᠡᢈᠡᠢ ᠶ᠋ᠢᠨ ᠲᠦᠩᠰᠢᠯᠡᠯ (GPE) ᠣᠯᠠᠨ ᠤᠯᠤᠰ ᠤ᠋ᠨ ᠪᠠᠶᠢᠭᠤᠯᠤᠯᠭ᠎ᠠ ᠶ᠋ᠢᠨ «ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ» (EQUAL) ᠲᠥᠰᠦᠯ ᠦ᠋ᠨ ᠰᠠᠩᢈᠦᠵᠢᠯᠲᠡ ᠪᠡᠷ «ᠮᠣᠩᠭᠣᠯ ᠳᠣᢈᠢᠶᠠᠨ ᠤ᠋ ᢈᠡᠯᠡᠨ ᠦ᠋ ᠠᠩᠬᠠᠨ ᠱᠠᠲᠤᠨ ᠤ᠋ ᠮᠡᠳᠡᠯᢉᠡ᠂ᠴᠢᠳᠠᠪᠤᠷᠢ ᠣᠯᠭᠤᠬᠤ ᠰᠤᠷᠭᠠᠯᠲᠠ» ᠢ᠋ᠢ «ᠰᠣᠨᠤᠰᠬᠠᠯ ᠦᢉᠡᠢ ᠶ᠋ᠢᠨ ᠪᠣᠯᠪᠠᠰᠤᠷᠠᠯ» ᠲᠥᠷᠦ ᠶ᠋ᠢᠨ ᠪᠤᠰᠤ ᠪᠠᠶᠢᠭᠤᠯᠤᠯᠭ᠎ᠠ ᠲᠠᠢ ᠬᠠᠮᠲᠤᠷᠠᠨ ᠥᠨᠦᠳᠦᠷ ᠡᠴᠡ ᠡᢈᠢᠯᠡᠨ ᠕ ᠳ᠋ᠤᠭᠠᠷ ᠰᠠᠷ᠎ᠠ ᠶ᠋ᠢᠨ ᠒- ᠤ᠋ᠨ ᠡᠳᠦᠷ ᠢ᠋ ᢈᠦᠷᠲᠡᠯ᠎ᠡ ᠵᠣᢈᠢᠶᠠᠨ ᠪᠠᠶᠢᠭᠤᠯᠤᠯ ᠠ᠋᠃

ᠳᠡᢉᠡᠷᠡᢈᠢ ᠰᠤᠷᠭᠠᠯᠲᠠ ᠳ᠋ᠤ ᠪᠣᠯᠪᠠᠰᠤᠷᠠᠯ ᠤ᠋ᠨ ᠶᠠᠮᠤᠨ᠂ ᠲᠡᢉᠦᠨ ᠦ᠋ ᠬᠠᠷᠢᠶ᠎ᠠ ᠪᠠᠶᠢᠭᠤᠯᠤᠯᠭ᠎ᠠ ᠶ᠋ᠢᠨ ᠕᠐ ᠠᠯᠪᠠᠨ ᠬᠠᠭᠠᠭᠴᠢ ᠬᠠᠮᠤᠷᠤᠭᠳᠠᠵᠤ᠂᠓᠐ ᠴᠠᠭ ᠤ᠋ᠨ ᢈᠥᠲᠦᠯᠪᠦᠷᠢ ᠪᠡᠷ ᠳᠣᢈᠢᠶ᠎ᠠ᠂ ᠵᠠᠩᠭᠠᠭ᠎ᠠ᠂ ᠪᠡᠶ᠎ᠡ ᠶ᠋ᠢᠨ ᢈᠡᠯᠡᠮᠵᠢ᠂ ᠨᠢᠭᠤᠷ ᠤ᠋ᠨ ᠬᠤᠪᠢᠷᠠᠯ ᠢ᠋ ᠠᠰᠢᠭᠯᠠᠨ ᠥᠪᠡᠷ ᠢ᠋ ᠪᠡᠨ ᠢᠯᠡᠷᢈᠡᠶᠢᠯᠡᢈᠦ᠂ ᠰᠣᠨᠤᠰᠬᠠᠯ ᠤ᠋ᠨ ᠪᠡᠷᢈᠡᠰᠢᠶᠡᠯ ᠲᠡᠢ ᢈᠡᠦᢈᠡᠳ᠂ ᠢᠷᢉᠡᠳ ᠲᠡᠢ ᠲᠡᠳᠡᠨ ᠦ᠋ ᠡᢈᠡ ᢈᠡᠯᠡ ᠪᠡᠷ ᠡᠳᠦᠷ ᠲᠤᠲᠤᠮ ᠤ᠋ᠨ ᠬᠠᠷᠢᠯᠴᠠᠭᠠᠨ ᠤ᠋ ᠰᠡᠳᠦᠪ ᠦ᠋ᠳ ᠦ᠋ᠨ ᢈᠦᠷᠢᠶᠡᠨ ᠳ᠋ᠦ ᠬᠠᠷᠢᠯᠴᠠᠵᠤ᠂ ᠲᠡᠳᠡᠨ ᠦ᠋ ᠥᠪᠡᠷᠮᠢᠴᠡ ᠣᠨᠴᠠᠯᠢᠭ᠂ ᠠᠬᠤᠢ ᠰᠣᠶᠤᠯ ᠤ᠋ᠨ ᢈᠡᠷᠡᢉᠴᠡᢉᠡ ᠶ᠋ᠢ ᠣᠶᠢᠯᠠᠭᠠᠬᠤ ᠮᠡᠳᠡᠯᢉᠡ᠂ ᠴᠢᠳᠠᠪᠤᠷᠢ ᠶ᠋ᠢ ᠡᠵᠡᠮᠰᠢᢈᠦ ᠶᠤᠮ᠃