Хаах

ᠶᠡᠷᠦᠩᢈᠡᠢ ᠪᠣᠯᠪᠠᠰᠤᠷᠠᠯ ᠤ᠋ᠨ ᠒᠙ ᠳ᠋ᠦ᠋ᢉᠡᠷ ᠰᠤᠷᠭᠠᠭᠤᠯᠢ ᠶ᠋ᠢᠨ ᠳᠣᠲᠤᠭᠤᠷ ᠪᠠᠶᠢᠷᠢᠨ ᠳ᠋ᠤ ᢈᠡᠦᢈᠡᠳ ᢈᠥᢉᠵᠢᠯ ᠦ᠋ᠨ ᠲᠠᠩᢈᠢᠮ ᠪᠠᠶᠢᠭᠤᠯᠤᠯ᠎ᠠ

A- A A+
ᠶᠡᠷᠦᠩᢈᠡᠢ ᠪᠣᠯᠪᠠᠰᠤᠷᠠᠯ ᠤ᠋ᠨ ᠒᠙ ᠳ᠋ᠦ᠋ᢉᠡᠷ ᠰᠤᠷᠭᠠᠭᠤᠯᠢ ᠶ᠋ᠢᠨ ᠳᠣᠲᠤᠭᠤᠷ ᠪᠠᠶᠢᠷᠢᠨ ᠳ᠋ᠤ ᢈᠡᠦᢈᠡᠳ ᢈᠥᢉᠵᠢᠯ ᠦ᠋ᠨ ᠲᠠᠩᢈᠢᠮ ᠪᠠᠶᠢᠭᠤᠯᠤᠯ᠎ᠠ

ᠲᠦᠷᠻ ᠦ᠋ᠨ ᠬᠠᠮᠲᠤ ᠶ᠋ᠢᠨ ᠠᠵᠢᠯᠯᠠᠭ᠎ᠠ᠂ ᠵᠣᢈᠢᠴᠠᠭᠤᠯᠬᠤ ᠠᢉᠧᠨ᠋ᠲ᠋ᠯᠢᢉ ᠤ᠋ᠨ ᠪᠤᠴᠠᠯᠲᠠ ᠦᢉᠡᠢ ᠲᠤᠰᠠᠯᠠᠮᠵᠢ ᠪᠠᠷ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠒᠙ ᠳ᠋ᠦ᠋ᢉᠡᠷ ᠰᠤᠷᠭᠠᠭᠤᠯᠢ ᠶ᠋ᠢᠨ ᠳᠣᠲᠤᠭᠤᠷ ᠪᠠᠶᠢᠷᠢᠨ ᠳ᠋ᠤ ᢈᠡᠦᢈᠡᠳ ᢈᠥᢉᠵᠢᠯ ᠦ᠋ᠨ ᠲᠠᠩᢈᠢᠮ ᠪᠠᠶᠢᠭᠤᠯᠤᠯ᠎ᠠ᠃  

ᠲᠥᠰᠦᠯ ᠦ᠋ᠨ ᢈᠦᠷᠢᠶᠡᠨ ᠳ᠋ᠦ ᢈᠥᠪᠡᢉᠦᠳ ᠦ᠋ᠨ ᠪᠣᠯᠤᠨ ᠥᢈᠢᠳ ᠦ᠋ᠨ ᠳᠣᠲᠤᠭᠤᠷ ᠪᠠᠶᠢᠷᠢᠨ ᠳ᠋ᠤ ᠲᠤᠰ ᠪᠦᠷᠢ ᢈᠡᠦᢈᠡᠳ ᢈᠥᢉᠵᠢᠯ ᠦ᠋ᠨ ᠲᠠᠩᢈᠢᠮ ᠢ᠋ ᠪᠠᠶᠢᠭᠤᠯᠵᠤ᠂ ᠢᠯᠭᠠᠭᠠᠲᠠᠢ ᢈᠡᠷᠡᢉᠴᠡᢉᠡᠨ ᠳ᠋ᠦ ᠲᠣᢈᠢᠷᠠᠭᠰᠠᠨ ᠰᠤᠷᠭᠠᠯᠲᠠ᠂ ᢈᠥᢉᠵᠢᠯ ᠦ᠋ᠨ ᢈᠡᠷᠡᢉᠯᠡᢉᠳᠡᢈᠦᠨ᠂ ᠲᠣᠨᠤᠭ ᠲᠥᢈᠦᢉᠡᠷᠦᠮᠵᠢ ᠶ᠋ᠢ ᠰᠠᠭᠤᠷᠢᠯᠠᠭᠤᠯᠤᠭᠰᠠᠨ ᠶᠤᠮ᠃  ᠢᠩᢉᠢᢉᠰᠡᠨ ᠢ᠋ᠶᠡᠷ ᢈᠡᠦᢈᠡᠳ ᠦ᠋ᠳ ᠲᠦ ᠪᠡᠶ᠎ᠡ ᠳᠠᠭᠠᠭᠠᠨ ᠰᠤᠷᠤᠯᠴᠠᠬᠤ᠂ ᠣᠯᠠᠨ ᠲᠠᠯ ᠠ᠋ ᠪᠠᠷ ᢈᠥᢉᠵᠢᢈᠦ᠂ ᠴᠢᠯᠦᢉᠡᠲᠦ ᠴᠠᠭ ᠢ᠋ᠶᠠᠨ ᠵᠥᠪ ᠥᠩᢉᠡᠷᠡᢉᠦᠯᢈᠦ ᠲᠠᠭᠠᠲᠠᠢ ᠣᠷᠴᠢᠨ ᠪᠦᠷᠢᠳᠴᠦ ᠪᠠᠶᠢᠨ᠎ᠠ᠃

ᠡᠨᠡ ᢈᠢᠴᠢᠶᠡᠯ ᠦ᠋ᠨ ᠵᠢᠯ ᠳ᠋ᠦ ᠒᠙ ᠳ᠋ᠦ᠋ᢉᠡᠷ ᠰᠤᠷᠭᠠᠭᠤᠯᠢ ᠳ᠋ᠤ ᠨᠡᠶᠢᠲᠡ ᠑᠔᠕ ᠪᠠᠭᠰᠢ᠂ ᠠᠵᠢᠯᠲᠠᠨ ᠰᠣᠨᠤᠰᠬᠠᠯ᠂ ᢈᠡᠯᠡ ᠶᠠᠷᠢᠶᠠᠨ ᠤ᠋ ᠪᠡᠷᢈᠡᠰᠢᠶᠡᠯ ᠲᠡᠢ ᠒᠕᠓ ᠰᠤᠷᠤᠭᠴᠢᠳ ᠪᠣᠯᠪᠠᠰᠤᠷᠠᠯ ᠣᠯᠭᠤᠵᠤ᠂ ᠰᠤᠷᠭᠠᠯᠲᠠ᠂ ᢈᠥᢉᠵᠢᠯ ᠦ᠋ᠨ ᠦᠢᠯᠡᠴᠢᠯᠡᢉᠡ᠂ ᠨᠥᢈᠦᠨ ᠰᠡᠷᢉᠦᢉᠡᢈᠦ᠂ ᠰᠡᠷᢉᠦᢉᠡᠨ ᠵᠠᠰᠠᠬᠤ᠂ ᠪᠣᠯᠪᠠᠰᠤᠷᠠᠯ ᠡᠵᠡᠮᠰᠢᢈᠦ ᠳ᠋ᠦ ᠳᠡᠮᠵᠢᢈᠦ ᠦᠢᠯᠡᠴᠢᠯᠡᢉᠡ ᠦᠵᠡᢉᠦᠯᠵᠦ᠂ ᠶᠡᠷᠦᠳᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠪᠠᠭᠰᠢ ᠨᠠᠷ ᠲᠤ ᠵᠥᠪᠯᠡᠨ ᠲᠤᠰᠠᠯᠠᠵᠤ ᠪᠠᠶᠢᠨ᠎ᠠ᠃