Хаах

ᠰᠣᠨᠤᠰᠬᠠᠯ ᠤ᠋ᠨ ᠪᠡᠷᢈᠡᠰᠢᠶᠡᠯᠲᠡᠢ ᠰᠤᠷᠤᠯᠴᠠᠭᠴᠢᠳ ᠲᠧᠻᠨᠣᠯᠣᢉᠢ ᠠᠰᠢᠭᠯᠠᠨ ᠡᠩ ᠦ᠋ᠨ ᠰᠤᠷᠭᠠᠭᠤᠯᠢ ᠳ᠋ᠤ ᠰᠤᠷᠤᠯᠴᠠᠬᠤ ᠪᠣᠯᠤᠮᠵᠢ ᠲᠠᠢ ᠪᠣᠯᠤᠨ᠎ᠠ

A- A A+
ᠰᠣᠨᠤᠰᠬᠠᠯ ᠤ᠋ᠨ ᠪᠡᠷᢈᠡᠰᠢᠶᠡᠯᠲᠡᠢ ᠰᠤᠷᠤᠯᠴᠠᠭᠴᠢᠳ ᠲᠧᠻᠨᠣᠯᠣᢉᠢ ᠠᠰᠢᠭᠯᠠᠨ ᠡᠩ ᠦ᠋ᠨ ᠰᠤᠷᠭᠠᠭᠤᠯᠢ ᠳ᠋ᠤ ᠰᠤᠷᠤᠯᠴᠠᠬᠤ ᠪᠣᠯᠤᠮᠵᠢ ᠲᠠᠢ ᠪᠣᠯᠤᠨ᠎ᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠒᠙ ᠳ᠋ᠤᢉᠡᠷ ᠰᠤᠷᠭᠠᠭᠤᠯᠢ ᠶ᠋ᠢᠨ ᢈᠡᠦᢈᠡᠳ ᠦ᠋ᠳ ᠲᠦ Chromebook ᠭᠠᠷᠳᠠᠭᠤᠯᠤᠯ᠎ᠠ᠃  ᠲᠤᠰ ᠰᠤᠷᠭᠠᠭᠤᠯᠢ ᠳ᠋ᠤ ᠨᠡᠶᠢᠰᠯᠡᠯ ᠪᠣᠯᠤᠨ ᠣᠷᠤᠨ ᠨᠤᠲᠤᠭ ᠤ᠋ᠨ ᠰᠣᠨᠤᠰᠬᠠᠯ᠂ ᢈᠡᠯᠡ ᠶᠠᠷᠢᠶᠠᠨ ᠤ᠋ ᠣᠨᠴᠠᠯᠢᠭ᠂ ᢈᠡᠷᠡᢉᠴᠡᢉᠡ ᠲᠡᠢ ᢈᠡᠦᢈᠡᠳ ᠦ᠋ᠳ ᠰᠤᠷᠤᠯᠴᠠᠳᠠᠭ᠃  

ᠡᠨᠡ ᠦᠶ᠎ᠡ ᠪᠡᠷ ᠲᠡᠷᠡ ᠪᠡᠷ ᠲᠤᠰ ᠰᠤᠷᠭᠠᠭᠤᠯᠢ ᠪᠣᠯᠤᠨ ᠑᠑᠖ ᠳ᠋ᠤᠭᠠᠷ ᠰᠤᠷᠭᠠᠭᠤᠯᠢ ᠨᠤᠭᠤᠳ ᠤ᠋ᠨ ᠦᠢᠯᠡ ᠠᠵᠢᠯᠯᠠᠭ᠎ᠠ᠂ ᠳᠣᠲᠤᠭᠤᠷ ᠪᠠᠶᠢᠷᠢ ᠨᠤᠭᠤᠳ ᠲᠠᠢ ᠲᠠᠨᠢᠯᠴᠠᠪᠠ᠃

ᠪᠣᠯᠪᠠᠰᠤᠷᠠᠯ ᠤ᠋ᠨ ᠪᠠᠭᠴᠠ ᠬᠠᠤᠯᠢ ᠶ᠋ᠢᠨ ᠰᠢᠨᠡᠴᠢᠯᠡᠯ ᠦ᠋ᠨ ᢈᠦᠷᠢᠶᠡᠨ ᠳ᠋ᠦ ᠲᠤᠰᠬᠠᠢ ᠰᠤᠷᠭᠠᠭᠤᠯᠢ ᠨᠤᠭᠤᠳ ᠤ᠋ᠨ ᠴᠢᢉ ᠡᢉᠦᠷᢉᠡ ᠳ᠋ᠦ ᠥᢉᠡᠷᠡᠴᠢᠯᠡᠯᠲᠡ ᠣᠷᠤᠵᠤ ᢈᠥᢉᠵᠢᠯ ᠦ᠋ᠨ ᠪᠡᠷᢈᠡᠰᠢᠶᠡᠯᠲᠡᠢ ᢈᠡᠦᢈᠡᠳ ᠲᠦ ᠪᠣᠯᠪᠠᠰᠤᠷᠠᠯ ᠣᠯᠭᠤᠬᠤ ᠶ᠋ᠢᠨ ᠵᠡᠷᢉᠡᠴᠡᢉᠡ ᠡᠳᠡᢉᠡᠷ ᢈᠡᠦᢈᠡᠳ ᠦ᠋ᠳ ᠢ᠋ ᠶᠡᠷᠦᠳᠡ ᠶ᠋ᠢᠨ ᠰᠤᠷᠭᠠᠭᠤᠯᠢ ᠳ᠋ᠤ ᠲᠡᢉᠰᠢ ᠬᠠᠮᠤᠷᠤᠭᠤᠯᠵᠤ ᠪᠤᠢ ᠰᠤᠷᠭᠠᠭᠤᠯᠢ ᠪᠠᠭᠰᠢ ᠨᠠᠷ ᠲᠤ ᠠᠷᠭ᠎ᠠ ᠵᠦᠢ ᠶ᠋ᠢᠨ ᠳᠡᠮᠵᠢᠯᢉᠡ ᠦᠵᠡᢉᠦᠯᢈᠦ᠂ᠳᠡᠮᠵᠢᢈᠦ ᠦᠢᠯᠡᠴᠢᠯᠡᢉᠡ ᠦᠵᠡᢉᠦᠯᢈᠦ ᠴᠢᢉ ᠡᢉᠦᠷᢉᠡ ᠲᠡᠢ ᠲᠦᠰᠢᠴᠡ ᠰᠤᠷᠭᠠᠭᠤᠯᠢ ᠪᠣᠯᠤᠭᠰᠠᠨ᠃  

ᠪᠣᠯᠪᠠᠰᠤᠷᠠᠯ ᠤ᠋ᠨ ᠶᠠᠮᠤᠨ ᠠ᠋ᠴᠠ ᠪᠣᠯᠪᠠᠰᠤᠷᠠᠯ ᠤ᠋ᠨ ᠳᠡᠯᠡᢈᠡᠢ ᠶ᠋ᠢᠨ ᠲᠦᠩᠰᠢᠯᠡᠯ (GPE) ᠪᠠᠶᠢᠭᠤᠯᠤᠯᠭ᠎ᠠ ᠶ᠋ᠢᠨ ᠪᠤᠴᠠᠯᠲᠠ ᠦᢉᠡᠢ ᠲᠤᠰᠠᠯᠠᠮᠵᠢ ᠶ᠋ᠢᠨ ᠰᠠᠩᢈᠦᠵᠢᠯᠲᠡ ᠪᠡᠷ «ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ» ᠲᠥᠰᠦᠯ ᠦ᠋ᠨ ᠲᠡᢉᠰᠢ ᠬᠠᠮᠤᠷᠤᠨ ᠰᠤᠷᠭᠠᠬᠤ ᠪᠣᠯᠪᠠᠰᠤᠷᠠᠯ ᠪᠦᠷᠢᠯᠳᠦᢈᠦᠨ ᠦ᠋ ᢈᠦᠷᠢᠶᠡᠨ ᠳ᠋ᠦ «ᠰᠣᠨᠤᠰᠬᠠᠯ ᠤ᠋ᠨ ᠪᠡᠷᢈᠡᠰᠢᠶᠡᠯ ᠲᠡᠢ ᠰᠤᠷᠤᠯᠴᠠᠭᠴᠢᠳ ᠲᠤ ᠵᠣᠷᠢᠭᠤᠯᠤᠭᠰᠠᠨ ᠲᠤᠰᠠᠯᠠᠬᠤ ᢈᠡᠷᠡᢉᠯᠡᢉᠳᠡᢈᠦᠨ ᠦ᠋ ᠲᠣᢈᠢᠷᠠᠭᠤᠯᠭ᠎ᠠ ᢈᠢᢈᠦ» ᠲᠤᠷᠰᠢᠯᠲᠠ ᠶ᠋ᠢ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ ᠲᠡᠢ ᠬᠠᠮᠲᠤᠷᠠᠨ ᠢᠷᠡᢈᠦ ᠨᠠᠢᠮᠠᠳᠤᠭᠠᠷ ᠰᠠᠷ᠎ᠠ ᠠ᠋ᠴᠠ ᢈᠢᢈᠦ ᠪᠡᠷ ᠪᠡᠯᠡᠳᢈᠡᠵᠦ ᠪᠠᠶᠢᠨ᠎ᠠ᠃  

ᠳᠡᢉᠡᠷᠡᢈᠢ ᠦᠢᠯᠡ ᠠᠵᠢᠯᠯᠠᠭᠠᠨ ᠳ᠋ᠤ ᠱᠠᠭᠠᠷᠳᠠᠯᠭᠠᠲᠠᠢ ᠓᠔᠐ ᠰᠢᠷᠬᠡᠭ ᠾᠷᠣᠮᠪᠦᠻ ᠢ᠋ ᠨᠡᠶᠢᠰᠯᠡᠯ ᠦ᠋ᠨ ᠙ ᠰᠤᠷᠭᠠᠭᠤᠯᠢ᠂ ᠣᠷᠤᠨ ᠨᠤᠲᠤᠭ ᠤ᠋ᠨ ᠒᠒ ᠰᠤᠷᠭᠠᠭᠤᠯᠢ ᠪᠣᠯᠤᠨ ᠕ ᠶᠡᢈᠡ ᠰᠤᠷᠭᠠᠭᠤᠯᠢ ᠳ᠋ᠤ «ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ» ᠲᠥᠰᠦᠯ ᠦ᠋ᠨ ᠰᠠᠩᢈᠦᠵᠢᠯᠲᠡ ᠪᠡᠷ ᠬᠤᠳᠠᠯᠳᠤᠨ ᠠᠪᠴᠤ ᠰᠤᠯᠠ ᠰᠣᠨᠤᠰᠬᠠᠯ ᠲᠠᠢ ᠪᠣᠯᠤᠨ ᠰᠣᠨᠤᠰᠬᠠᠯ ᠤ᠋ᠨ ᠪᠡᠷᢈᠡᠰᠢᠶᠡᠯᠲᠡᠢ ᠰᠤᠷᠤᠯᠴᠠᠭᠴᠢᠳ ᠲᠤ ᠪᠣᠯᠤᠨ ᠲᠡᠳᠡᢉᠡᠷ ᠲᠡᠢ ᠠᠵᠢᠯᠯᠠᠵᠤ ᠪᠠᠶᠢᠭ᠎ᠠ ᠪᠠᠭᠰᠢ ᠨᠠᠷ ᠲᠤ ᠭᠠᠷᠳᠠᠭᠤᠯᠤᠭᠠᠳ ᠪᠠᠶᠢᠨ᠋ ᠠ᠋᠃  

ᠰᠣᠨᠤᠰᠬᠠᠯ ᠤ᠋ᠨ ᠪᠡᠷᢈᠡᠰᠢᠶᠡᠯ ᠲᠡᠢ ᠰᠤᠷᠤᠯᠴᠠᠭᠴᠢᠳ ᠲᠤ ᠵᠣᠷᠢᠭᠤᠯᠤᠭᠰᠠᠨ ᠲᠤᠰᠠᠯᠠᠬᠤ ᢈᠡᠷᠡᢉᠯᠡᢉᠳᠡᢈᠦᠨ ᠦ᠋ (Chromebook) ᠲᠣᢈᠢᠷᠠᠭᠤᠯᠭ᠎ᠠ ᢈᠢᢉᠳᠡᢉᠰᠡᠨ ᠢ᠋ᠶᠡᠷ ᠰᠤᠷᠤᠯᠴᠠᠭᠴᠢᠳ ᠢ᠋ ᠬᠠᠮᠤᠷᠤᠨ ᠰᠤᠷᠤᠯᠴᠠᠬᠤ ᠳᠡᢉᠦᠷᢉᠡ ᠶ᠋ᠢᠨ ᠢ᠋ᠶᠡᠨ ᠠᠯᠢ ᠴᠤ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠳ᠋ᠤ ᠲᠧᠻᠨᠣᠯᠣᢉᠢ ᠶ᠋ᠢᠨ ᠲᠤᠰᠠᠯᠠᠮᠵᠢ ᠲᠠᠢ ᠲᠡᢉᠰᠢ ᠬᠠᠮᠤᠷᠤᠨ ᠰᠤᠷᠤᠯᠴᠠᠬᠤ ᠪᠣᠯᠤᠮᠵᠢ ᠲᠠᠢ ᠪᠣᠯᠤᠨ᠎ᠠ᠃

ᠲᠥᠰᠦᠯ ᠦ᠋ᠨ ᢈᠦᠷᠢᠶᠡᠨ ᠳ᠋ᠦ ᠨᠡᠶᠢᠯᠡᢉᠦᠯᠵᠦ ᠪᠠᠶᠢᠭ᠎ᠠ ᠬᠣᠭᠤᠯᠠ ᠦᠢᠯᠡᠳᠪᠦᠷᠢᠯᠡᠯ ᠦ᠋ᠨ ᠦᠨᠳᠦᠰᠦᠨ ᠒᠗ ᠨᠡᠷ᠎ᠡ ᠲᠥᠷᠦᠯ ᠦ᠋ᠨ ᠲᠣᠨᠤᠭ ᠲᠥᢈᠦᢉᠡᠷᠦᠮᠵᠢ ᠡᠴᠡ ᠑᠑ ᠨᠡᠷ᠎ᠡ ᠲᠥᠷᠦᠯ ᠢ᠋᠂ ᠲᠤᠰᠠᠯᠠᠬᠤ ᠰᠠᠪᠠ᠂ ᠪᠠᠭᠠᠵᠢ ᢈᠡᠷᠡᢉᠰᠡᠯ ᠦ᠋ᠨ ᠔᠑ ᠨᠡᠷ᠎ᠡ ᠲᠥᠷᠦᠯ ᠡᠴᠡ ᠓᠘ ᠨᠡᠷ᠎ᠡ ᠲᠥᠷᠦᠯ ᠦ᠋ᠨ ᠨᠡᠶᠢᠲᠡ ᠔᠗᠂᠕᠑᠗᠂᠒᠕᠐ ᠲᠥᢉᠦᠷᠢᢉ ᠦ᠋ᠨ ᠲᠣᠨᠤᠭ ᠲᠥᢈᠦᢉᠡᠷᠦᠮᠵᠢ᠂ ᠪᠠᠭᠠᠵᠢ ᢈᠡᠷᠡᢉᠰᠡᠯ ᠢ᠋᠂ ᠒᠙ ᠳ᠋ᠤᢉᠡᠷ ᠰᠤᠷᠭᠠᠭᠤᠯᠢ ᠳ᠋ᠤ᠂ ᠑᠑᠖ ᠳ᠋ᠤᠭᠠᠷ ᠰᠤᠷᠭᠠᠭᠤᠯᠢ ᠳ᠋ᠤ ᠒᠗ ᠨᠡᠷ᠎ᠡ ᠲᠥᠷᠦᠯ ᠦ᠋ᠨ ᠲᠣᠨᠤᠭ ᠲᠥᢈᠦᢉᠡᠷᠦᠮᠵᠢ ᠡᠴᠡ ᠑᠙ ᠨᠡᠷ᠎ᠡ ᠲᠥᠷᠦᠯ ᠢ᠋᠂ ᠲᠤᠰᠠᠯᠠᠬᠤ ᠰᠠᠪᠠ᠂ ᠪᠠᠭᠠᠵᠢ ᢈᠡᠷᠡᢉᠰᠡᠯ ᠦ᠋ᠨ ᠔᠑ ᠨᠡᠷ᠎ᠡ ᠲᠥᠷᠦᠯ ᠡᠴᠡ ᠓᠑ ᠨᠡᠷ᠎ᠡ ᠲᠥᠷᠦᠯ ᠦ᠋ᠨ ᠨᠡᠶᠢᠲᠡ ᠗᠔᠂᠗᠗᠑᠂᠐᠐᠐ ᠲᠥᢉᠦᠷᠢᢉ ᠦ᠋ᠨ ᠲᠣᠨᠤᠭ ᠲᠥᢈᠦᢉᠡᠷᠦᠮᠵᠢ᠂ ᠪᠠᠭᠠᠵᠢ ᢈᠡᠷᠡᢉᠰᠡᠯ ᠢ᠋ ᠨᠡᠶᠢᠯᠡᢉᠦᠯᠵᠡᠢ᠃