ᠪᠣᠯᠪᠠᠰᠤᠷᠠᠯ ᠤ᠋ᠨ ᠶᠠᠮᠤᠨ᠂ ᠶᠠᠫᠤᠨ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭᠠ /ᠵᠠᠶᠢᠻᠠ/-ᠲᠠᠢ ᠬᠠᠮᠲᠤᠷᠠᠨ ᢈᠡᠷᠡᢉᠵᠢᢉᠦᠯᠵᠦ ᠪᠤᠢ «ᠮᠣᠩᠭᠣᠯ ᠤᠯᠤᠰ ᠤ᠋ᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ ᠦᠶᠢᠯᠡᠳᠪᠦᠷᠢᠯᠡᠯ ᠢ᠋ ᠳᠡᠮᠵᠢᢈᠦ ᠲᠥᠰᠦᠯ» ᠤ᠋ᠨ ᢈᠦᠷᠢᠶᠡᠨ ᠳ᠋ᠦ ᠲᠤᠷᠰᠢᠯᠭᠠ ᠰᠣᠯᠢᠯᠴᠠᠬᠤ ᠦᠢᠯᠡ ᠠᠵᠢᠯᠯᠠᠭᠠ ᠳᠤᠮᠳᠠᠭᠣᠪᠢ ᠠᠶᠢᠮᠠᠭ ᠲᠤ ᠵᠣᢈᠢᠶᠠᠨ ᠪᠠᠶᠢᠭᠤᠯᠤᠭᠳᠠᠯᠠ᠃
ᠪᠣᠯᠪᠠᠰᠤᠷᠠᠯ ᠤ᠋ᠨ ᠶᠠᠮᠤᠨ᠂ ᠳᠤᠮᠳᠠᠭᠣᠪᠢ ᠠᠶᠢᠮᠠᠭ ᠤ᠋ᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ᠂ ᠵᠠᠶᠢᠻᠠ᠂ ᠰᠢᠨᠵᠢᠯᠡᢈᠦ ᠤᠬᠠᠭᠠᠨ ᠲᠧᠻᠨᠣᠯᠣᢉᠢ ᠶ᠋ᠢᠨ ᠶᠡᢈᠡ ᠰᠤᠷᠭᠠᠭᠤᠯᠢ᠂ ᠳᠤᠮᠳᠠᠭᠣᠪᠢ ᠠᠶᠢᠮᠠᠭ ᠤ᠋ᠨ ᠪᠣᠯᠪᠠᠰᠤᠷᠠᠯ ᠤ᠋ᠨ ᠭᠠᠵᠠᠷ᠂ ᠡᠷᠡᢉᠦᠯ ᠮᠡᠨᠳᠦ ᠶ᠋ᠢᠨ ᠭᠠᠵᠠᠷ᠂ ᢈᠦᠨᠡᠰᠦ᠂ ᢈᠥᠳᠡᢉᠡ ᠠᠵᠤ ᠠᠬᠤᠢ ᠶ᠋ᠢᠨ ᠭᠠᠵᠠᠷ᠂ ᠳᠤᠮᠳᠠᠭᠣᠪᠢ ᠠᠶᠢᠮᠠᠭ ᠤ᠋ᠨ ᠑᠕ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑᠙ ᠰᠤᠷᠭᠠᠭᠤᠯᠢ ᠶ᠋ᠢᠨ ᠵᠠᢈᠢᠷᠤᠯ᠂ ᠮᠧᠨᠧᠵᠧᠷ᠂ ᠬᠣᠭᠤᠯᠠ ᠵᠦᠢᠴᠢ᠂ ᠲᠣᠭᠤᠭᠠᠴᠢ ᠨᠠᠷ ᠠ᠋ᠴᠠ ᠭᠠᠳᠠᠨᠠ ᠭᠣᠪᠢᠰᠦ᠋ᠮᠪᠦᠷ ᠠᠶᠢᠮᠠᠭ ᠤ᠋ᠨ ᠪᠣᠯᠪᠠᠰᠤᠷᠠᠯ ᠤ᠋ᠨ ᠭᠠᠵᠠᠷ᠂ ᠕ ᠰᠤᠷᠭᠠᠭᠤᠯᠢ᠂ ᠓ ᠴᠡᠴᠡᠷᠯᠢᢉ᠂ ᠑ ᠫᠣᠯᠢᠲ᠋ᠧᠻᠨᠢᢉ ᠻᠣᠯᠯᠧᠵᠢ ᠶ᠋ᠢᠨ ᠬᠣᠭᠤᠯᠠ ᠵᠦᠢᠴᠢ᠂ ᠲᠣᠭᠤᠭᠠᠴᠢ ᠨᠠᠷ ᠨᠡᠶᠢᠲᠡ ᠗᠑ ᢈᠦᠮᠦᠨ ᠣᠷᠤᠯᠴᠠᠯᠠ᠃
ᠳᠤᠮᠳᠠᠭᠣᠪᠢ ᠠᠶᠢᠮᠠᠭ ᠨᠢ ᠲᠥᠰᠦᠯ ᠦ᠋ᠨ ᢈᠦᠷᠢᠶᠡᠨ ᠳ᠋ᠦ ᠰᠢᠮᠡ ᠲᠡᠵᠢᢉᠡᠯ ᠦ᠋ᠨ ᠲᠡᠩᠴᠡᠪᠦᠷᠢ ᠲᠡᠢ «ᠨᠢᢉᠡᠳᠦᢉᠰᠡᠨ ᠼᠧᠰᠧ» ᠢ᠋ᠢ ᠠᠶᠢᠮᠠᠭ ᠤ᠋ᠨ ᢈᠡᠮᠵᠢᠶᠡᠨ ᠳ᠋ᠦ ᢈᠡᠷᠡᢉᠵᠢᢉᠦᠯᠵᠦ ᠪᠠᠶᠢᠭᠠ ᠪᠠᠨ ᠲᠤᠷᠰᠢᠯᠭᠠ ᠰᠣᠯᠢᠯᠴᠠᠬᠤ ᢈᠦᠷᠢᠶᠡᠨ ᠳ᠋ᠦ ᠴᠡᠴᠡᠷᠯᠢᢉ᠂ ᠰᠤᠷᠭᠠᠭᠤᠯᠢ ᠶ᠋ᠢᠨ ᠬᠣᠭᠤᠯᠠ ᠦᠢᠯᠡᠳᠪᠦᠷᠢᠯᠡᠯ ᠳ᠋ᠦ ᠲᠡᠩᠴᠡᠪᠦᠷᠢᠲᠡᠢ ᠬᠣᠭᠤᠯᠠᠨ ᠤ᠋ ᠼᠧᠰᠧ ᠶ᠋ᠢ ᠨᠢᢉᠡᠳᠦᢉᠰᠡᠨ ᠪᠠᠶᠢᠳᠠᠯ ᠢ᠋ᠶᠠᠷ ᠵᠣᢈᠢᠶᠠᠨ ᠪᠠᠶᠢᠭᠤᠯᠬᠤ ᠠᠷᠭᠠ ᠵᠦᠢ᠂ ᠬᠣᠭᠤᠯᠠ ᠰᠢᠮᠡ ᠲᠡᠵᠢᢉᠡᠯ ᠦ᠋ᠨ ᠪᠣᠯᠪᠠᠰᠤᠷᠠᠯ ᠣᠯᠭᠤᠬᠤ᠂ ᢈᠦᠮᠦᠨ ᠦ᠋ ᠨᠥᢉᠡᠴᠡ᠂ ᢈᠦᠨᠡᠰᠦᠨ ᠦ᠋ ᠬᠠᠩᠭᠠᠮᠵᠢ ᠶ᠋ᠢ ᠵᠣᢈᠢᠶᠠᠨ ᠪᠠᠶᠢᠭᠤᠯᠬᠤ ᠲᠠᠯᠠᠭᠠᠷᢈᠢ ᠠᠷᠭᠠ ᠵᠦᠢ ᠶ᠋ᠢ ᠲᠥᠰᠦᠯ ᢈᠡᠷᠡᢉᠵᠢᢉᠦᠯᠵᠦ ᠪᠤᠢ ᠵᠠᠭᠪᠤᠷ ᠰᠤᠷᠭᠠᠭᠤᠯᠢ ᠨᠤᠭᠤᠳ ᠤ᠋ᠨ ᠦᠷᠡ ᠳ᠋ᠦᠩ ᠦ᠋ᠨ ᢈᠦᠷᠢᠶᠡᠨ ᠳ᠋ᠦ ᠲᠠᠨᠢᠯᠴᠠᠭᠤᠯᠤᠭᠰᠠᠨ ᠶᠤᠮ᠃
ᠲᠤᠰ ᠠᠶᠢᠮᠠᠭ ᠤ᠋ᠨ ᠬᠤᠪᠢ ᠳ᠋ᠤ ᠲᠥᠰᠦᠯ ᠦ᠋ᠨ ᢈᠦᠷᠢᠶᠡᠨ ᠳ᠋ᠦ ᠠᠶᠢᠮᠠᠭ ᠤ᠋ᠨ ᠴᠡᠴᠡᠷᠯᠢᢉ᠂ ᠰᠤᠷᠭᠠᠭᠤᠯᠢ ᠶ᠋ᠢᠨ ᢈᠢᢉᠰᠡᠨ ᠰᠤᠳᠤᠯᠭᠠᠨ ᠤ᠋ ᠦᠷᠡ ᠳ᠋ᠦᠩ ᠳ᠋ᠦ ᠲᠤᠯᠭᠠᠭᠤᠷᠢᠯᠠᠨ ᠵᠠᠰᠠᠭ ᠳᠠᠷᠤᠭᠠ ᠶ᠋ᠢᠨ ᠰᠠᠨᠠᠭᠠᠴᠢᠯᠭᠠ ᠪᠠᠷ ᠠᠶᠢᠮᠠᠭ ᠤ᠋ᠨ ᢈᠡᠮᠵᠢᠶᠡᠨ ᠳ᠋ᠦ ᠴᠡᠴᠡᠷᠯᠢᢉ ᠪᠣᠯᠤᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠑-᠕ ᠠᠩᢉᠢ ᠶ᠋ᠢᠨ ᠰᠤᠷᠤᠯᠴᠠᠭᠴᠢᠳ ᠲᠤ «ᠰᠦᠨ ᢈᠥᠲᠦᠯᠪᠦᠷᠢ» ᠶ᠋ᠢ ᠒᠐᠒᠓ ᠣᠨ ᠠ᠋ᠴᠠ ᠡᢈᠢᠯᠡᠨ ᢈᠡᠷᠡᢉᠵᠢᢉᠦᠯᠵᠦ ᠒᠐᠒᠕ ᠣᠨ ᠳ᠋ᠤ ᢈᠥᠲᠦᠯᠪᠦᠷᠢ ᠶ᠋ᠢ ᠥᠷᢉᠡᠵᠢᢉᠦᠯᠦᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠳᠤᠮᠳᠠ ᠪᠣᠯᠤᠨ ᠠᠬᠠᠯᠠᠬᠤ ᠠᠩᢉᠢ ᠶ᠋ᠢᠨ ᠰᠤᠷᠤᠭᠴᠢᠳ ᠢ᠋ ᠬᠠᠮᠤᠷᠤᠭᠤᠯᠵᠡᠢ᠃
ᠠᠷᠭᠠ ᢈᠡᠮᠵᠢᠶᠡᠨ ᠦ᠋ ᠦᠶᠡ ᠪᠡᠷ ᠵᠢᠯ ᠪᠦᠷᠢ ᠤᠯᠠᠮᠵᠢᠯᠠᠯ ᠪᠣᠯᠭᠠᠨ ᠵᠣᢈᠢᠶᠠᠨ ᠪᠠᠶᠢᠭᠤᠯᠤᠭᠳᠠᠳᠠᠭ «ᢈᠡᠦᢈᠡᠳ ᠦ᠋ᠨ ᠰᠢᠮᠡ ᠲᠡᠵᠢᢉᠡᠯᠲᠦ ᠬᠣᠭᠤᠯᠠ» ᠤᠷᠤᠯᠳᠤᠭᠠᠨ ᠢ᠋ ᠠᠶᠢᠮᠠᠭ ᠤ᠋ᠨ ᠵᠠᠰᠠᠭ ᠳᠠᠷᠤᠭᠠ ᠢ᠋ᠢᠨ ᠢᠪᠡᢉᠡᠯ ᠳᠣᠣᠷᠠ ᠭᠤᠷᠪᠠ ᠳ᠋ᠠᢈᠢ ᠵᠢᠯ ᠳ᠋ᠦ ᠪᠡᠨ ᠠᠮᠵᠢᠯᠲᠠᠲᠠᠢ ᠵᠣᢈᠢᠶᠠᠨ ᠪᠠᠶᠢᠭᠤᠯᠵᠤ ᠭᠣᠪᠢᠰᠦ᠋ᠮᠪᠦᠷ ᠠᠶᠢᠮᠠᠭ ᠤ᠋ᠨ ᠲᠥᠷᠦ ᠶ᠋ᠢᠨ ᠥᠮᠴᠢ ᠶ᠋ᠢᠨ ᠑᠗ ᠴᠡᠴᠡᠷᠯᠢᢉ᠂ ᠑᠔ ᠰᠤᠷᠭᠠᠭᠤᠯᠢ᠂ ᠑ ᠫᠣᠯᠢᠲ᠋ᠧᠻᠨᠢᢉ ᠻᠣᠯᠯᠧᠵᠢ ᠶ᠋ᠢᠨ ᠨᠡᠶᠢᠲᠡ ᠓᠒ ᠲᠣᠭᠤᠭᠠᠴᠢ ᠣᠷᠤᠯᠴᠠᠵᠤ ᠮᠡᠳᠡᠯᢉᠡ᠂ ᠤᠷᠠ ᠴᠢᠳᠠᠪᠤᠷᠢ ᠪᠠᠷ ᠢ᠋ᠶᠠᠨ ᠥᠷᠢᠰᠦᠯᠳᠦᠨ ᠱᠠᠩᠨᠠᠯᠲᠠᠨ ᠨᠤᠭᠤᠳ ᠢ᠋ᠶᠠᠨ ᠲᠣᠳᠤᠷᠠᠭᠤᠯᠪᠠ᠃