Хаах

ᠬᠣᠯᠪᠤᠭᠠᠨ ᠤ᠋ ᠪᠦᢉᠦᠳᠡ ᠨᠠᠶᠢᠷᠠᠮᠳᠠᠬᠤ ᠰᠣᠮᠠᠯᠢ ᠤᠯᠤᠰ ᠠ᠋ᠴᠠ ᠮᠣᠩᠭᠣᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠬᠣᠳᠠᠨ ᠣᠰᠮᠠᠨ ᠠᠪᠳᠢ ᠢ᠋ᠢ ᢈᠦᠯᠢᠶᠡᠨ ᠠᠪᠴᠤ ᠠᠭᠤᠯᠵᠠᠯ᠎ᠠ

A- A A+
ᠬᠣᠯᠪᠤᠭᠠᠨ ᠤ᠋ ᠪᠦᢉᠦᠳᠡ ᠨᠠᠶᠢᠷᠠᠮᠳᠠᠬᠤ ᠰᠣᠮᠠᠯᠢ ᠤᠯᠤᠰ ᠠ᠋ᠴᠠ ᠮᠣᠩᠭᠣᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠬᠣᠳᠠᠨ ᠣᠰᠮᠠᠨ ᠠᠪᠳᠢ ᠢ᠋ᠢ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠬᠣᠯᠪᠤᠭᠠᠨ ᠤ᠋ ᠪᠦᢉᠦᠳᠡ ᠨᠠᠶᠢᠷᠠᠮᠳᠠᠬᠤ ᠰᠣᠮᠠᠯᠢ ᠤᠯᠤᠰ ᠠ᠋ᠴᠠ ᠮᠣᠩᠭᠣᠯ ᠤᠯᠤᠰ ᠲᠤ ᠬᠠᠪᠰᠤᠷᠤᠨ ᠰᠠᠭᠤᠬᠤ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠬᠣᠳᠠᠨ ᠣᠰᠮᠠᠨ ᠠᠪᠳᠢ ᠢ᠋ᠢ ᢈᠦᠯᠢᠶᠡᠨ ᠠᠪᠴᠤ ᠠᠭᠤᠯᠵᠠᠯ᠎ᠠ᠃  ᠬᠠᠲᠤᠭᠲᠠᠢ ᠬᠣᠳᠠᠨ ᠣᠰᠮᠠᠨ ᠠᠪᠳᠢ ᠨᠢ ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠒᠑ ᠤ᠋ ᠡᠳᠦᠷ ᠮᠣᠩᠭᠣᠯ ᠤᠯᠤᠰ ᠤ᠋ᠨ ᠶᠡᠷᠦᠩᢈᠡᠶᠢᠯᠡᢉᠴᠢ ᠤᠬᠤᠨ᠎ᠠ ᠶ᠋ᠢᠨ ᢈᠦᠷᠡᠯᠰᠦ᠋ᢈᠡ ᠳ᠋ᠦ ᠢᠲᠡᢉᠡᠮᠵᠢᠯᠡᢈᠦ ᠵᠢᠭᠤᠬᠤ ᠪᠢᠴᠢᢉ ᠢ᠋ᠶᠡᠨ ᠡᠷᢉᠦᠨ ᠪᠠᠷᠢᠭᠰᠠᠨ ᠪᠥᢉᠡᠳ ᠰᠣᠮᠠᠯᠢ ᠠ᠋ᠴᠠ ᠮᠣᠩᠭᠣᠯ ᠳ᠋ᠤ ᠬᠠᠪᠰᠤᠷᠤᠨ ᠰᠠᠭᠤᠬᠤ ᠠᠩᠬᠠᠨ ᠤ᠋ ᠡᠯᠴᠢᠨ ᠰᠠᠶᠢᠳ ᠶᠤᠮ᠃  

ᠠᠭᠤᠯᠵᠠᠯᠲᠠ ᠪᠠᠷ ᠲᠠᠯ᠎ᠠ ᠨᠤᠭᠤᠳ ᠪᠣᠯᠪᠠᠰᠤᠷᠠᠯ ᠤ᠋ᠨ ᠰᠠᠯᠪᠤᠷᠢ ᠳ᠋ᠤ ᠬᠠᠮᠲᠤᠷᠠᠨ ᠠᠵᠢᠯᠯᠠᠬᠤ ᠪᠣᠯᠤᠮᠵᠢ ᠶ᠋ᠢᠨ ᠲᠠᠯ ᠠ᠋ ᠪᠠᠷ ᠰᠠᠨᠠᠯ ᠰᠣᠯᠢᠯᠴᠠᠪᠠ᠃  ᠰᠣᠮᠠᠯᠢ ᠶ᠋ᠢᠨ ᠲᠠᠯ᠎ᠠ ᠠ᠋ᠴᠠ ᠬᠣᠶᠠᠷ ᠤᠯᠤᠰ ᠨᠡᢉᠦᠳᠡᠯ ᠦ᠋ᠨ ᠰᠣᠶᠤᠯ᠂ ᠮᠠᠯ ᠠᠵᠤ ᠠᠬᠤᠢ᠂ᠪᠠᠶᠢᠭᠠᠯᠢ ᠶ᠋ᠢᠨ ᠪᠠᠶᠠᠯᠢᠭ ᠵᠡᠷᢉᠡ ᠣᠯᠠᠨ ᠨᠡᠶᠢᠲᠡᠯᠢᢉ ᠵᠦᠢᠯ ᠲᠡᠢ ᠪᠣᠯᠬᠤ ᠶ᠋ᠢ ᠣᠨᠴᠠᠯᠠᠵᠤ᠂ ᠪᠣᠯᠪᠠᠰᠤᠷᠠᠯ ᠤ᠋ᠨ ᠰᠠᠯᠪᠤᠷᠢ ᠳ᠋ᠠᢈᠢ ᠰᠢᠨᠡᠴᠢᠯᠡᠯ ᠦ᠋ᠨ ᠴᠢᢉᠯᠡᠯ ᠢ᠋ᠶᠡᠷ ᠬᠠᠮᠲᠤᠷᠠᠨ ᠠᠵᠢᠯᠯᠠᠬᠤ ᠪᠣᠯᠤᠮᠵᠢᠲᠠᠢ ᢉᠡᠵᠦ ᠬᠠᠷᠠᠵᠤ ᠪᠠᠶᠢᠨ᠎ᠠ ᢉᠡᠯ᠎ᠡ᠃  ᠬᠣᠯᠪᠤᠭᠠᠨ ᠤ᠋ ᠪᠦᢉᠦᠳᠡ ᠨᠠᠶᠢᠷᠠᠮᠳᠠᠬᠤ ᠰᠣᠮᠠᠯᠢ ᠤᠯᠤᠰ ᠨᠢ ᠪᠣᠯᠪᠠᠰᠤᠷᠠᠯ ᠤ᠋ᠨ ᠰᠢᠨᠡᠴᠢᠯᠡᠯ ᠦ᠋ᠨ ᢈᠦᠷᠢᠶᠡᠨ ᠳ᠋ᠦ ᠪᠣᠯᠪᠠᠰᠤᠷᠠᠯ ᠤ᠋ᠨ ᠳᠡᠳ᠋ ᠪᠦᠲᠦᠴᠡ ᠶ᠋ᠢ ᠨᠡᠮᠡᢉᠳᠡᢉᠦᠯᢈᠦ᠂ᠪᠠᠭᠰᠢ ᠪᠡᠯᠡᠳᢈᠡᢈᠦ ᠰᠤᠷᠭᠠᠯᠲᠠ ᠶ᠋ᠢ ᠰᠠᠶᠢᠵᠢᠷᠠᠭᠤᠯᠬᠤ᠂ ᠰᠤᠷᠭᠠᠯᠲᠠ ᠶ᠋ᠢᠨ ᢈᠥᠲᠦᠯᠪᠦᠷᠢ ᠪᠡᠨ ᠣᠯᠠᠨ ᠤᠯᠤᠰ ᠤ᠋ᠨ ᠡᠷᠢᠯᠲᠡ ᢈᠡᠷᠡᢉᠴᠡᢉᠡᠨ ᠳ᠋ᠦ ᠨᠡᠶᠢᠴᠡᢉᠦᠯᢈᠦ ᢉᠡᠰᠡᠨ ᠭᠤᠷᠪᠠᠨ ᠴᠢᢉᠯᠡᠯ ᠳ᠋ᠦ ᠣᠨᠴᠤᠭᠤᠶᠢᠯᠠᠨ ᠠᠩᠬᠠᠷᠴᠤ ᠪᠠᠶᠢᠭ᠎ᠠ ᠲᠤᠯᠠ ᠮᠣᠩᠭᠣᠯ ᠤᠯᠤᠰ ᠤ᠋ᠨ ᠪᠠᠭᠰᠢᠯᠠᠬᠤ ᠡᠷᢈᠡ ᠶ᠋ᠢᠨ ᢉᠡᠷᠡᠴᠢᠯᠡᢉᠡ ᠣᠯᠭᠤᠬᠤ ᠰᠤᠷᠭᠠᠯᠲᠠ ᠶ᠋ᠢᠨ ᠲᠤᠷᠰᠢᠯᠭ᠎ᠠ ᠶ᠋ᠢ ᠰᠤᠳᠤᠯᠬᠤ᠂ ᠰᠣᠮᠠᠯᠢ ᠶ᠋ᠢᠨ ᠣᠶᠤᠲᠠᠨ ᠨᠤᠭᠤᠳ ᠢ᠋ ᠮᠣᠩᠭᠣᠯ ᠳ᠋ᠤ ᠰᠤᠷᠭᠠᠬᠤ ᢈᠦᠰᠡᠯᠲᠡ ᠶ᠋ᠢ ᠡᠯᠴᠢᠨ ᠰᠠᠶᠢᠳ ᠬᠣᠳᠠᠨ ᠣᠰᠮᠠᠨ ᠠᠪᠳᠢ ᠢᠯᠡᠷᢈᠡᠶᠢᠯᠡᠯ᠎ᠡ᠃  

ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠒᠐᠒᠖ ᠣᠨ ᠢ᠋ «ᠪᠣᠯᠪᠠᠰᠤᠷᠠᠯ ᠢ᠋ ᠳᠡᠮᠵᠢᢈᠦ ᠵᠢᠯ» ᠪᠣᠯᠭᠠᠨ ᠵᠠᠷᠯᠠᠵᠤ᠂ ᠪᠣᠯᠪᠠᠰᠤᠷᠠᠯ ᠤ᠋ᠨ ᠲᠡᢉᠰᠢ ᢈᠦᠷᠲᠡᢉᠡᠮᠵᠢ᠂ ᠪᠣᠯᠪᠠᠰᠤᠷᠠᠯ ᠤ᠋ᠨ ᠰᠠᠯᠪᠤᠷᠢ ᠳ᠋ᠤ ᠵᠠᠷᠤᠴᠠᠭᠤᠯᠬᠤ ᢈᠥᠷᠦᠩᢉᠡ ᠣᠷᠤᠭᠤᠯᠤᠯᠲᠠ ᠶ᠋ᠢ ᠨᠡᠮᠡᢉᠳᠡᢉᠦᠯᢈᠦ ᠪᠡᠷ ᠠᠵᠢᠯᠯᠠᠵᠤ ᠪᠤᠢ ᠶ᠋ᠢ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠣᠨᠴᠠᠯᠠᠵᠤ᠂ ᠰᠣᠮᠠᠯᠢ ᠶ᠋ᠢᠨ ᠣᠶᠤᠲᠠᠨ ᠨᠤᠭᠤᠳ ᠢ᠋ ᠮᠣᠩᠭᠣᠯ ᠳ᠋ᠤ ᠰᠤᠷᠭᠠᠬᠤ ᠳ᠋ᠤ ᠳᠡᠮᠵᠢᠯᢉᠡ ᠦᠵᠡᢉᠦᠯᠦᠨ᠎ᠡ ᢉᠡᠳᠡᢉ ᠢ᠋ᠶᠡᠨ ᢈᠡᠯᠡᠪᠡ᠃