Хаах

ᠪᠦᢉᠦᠳᠡ ᠨᠠᠶᠢᠷᠠᠮᠳᠠᠬᠤ ᠹᠢᠨ᠋ᠯᠠᠨ᠋ᠳ᠋ ᠤᠯᠤᠰ ᠠ᠋ᠴᠠ ᠮᠣᠩᠭᠤᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠮᠢᠻᠻᠤ ᠻᠢᠨ᠋᠊ᠨᠦ᠋ᠨᠧᠨ ᠢ᠋ ᢈᠦᠯᠢᠶᠡᠨ ᠠᠪᠴᠤ ᠠᠭᠤᠯᠵᠠᠯ᠎ᠠ

A- A A+
ᠪᠦᢉᠦᠳᠡ ᠨᠠᠶᠢᠷᠠᠮᠳᠠᠬᠤ ᠹᠢᠨ᠋ᠯᠠᠨ᠋ᠳ᠋ ᠤᠯᠤᠰ ᠠ᠋ᠴᠠ ᠮᠣᠩᠭᠤᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠮᠢᠻᠻᠤ ᠻᠢᠨ᠋᠊ᠨᠦ᠋ᠨᠧᠨ ᠢ᠋ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠪᠦᢉᠦᠳᠡ ᠨᠠᠶᠢᠷᠠᠮᠳᠠᠬᠤ ᠹᠢᠨ᠋ᠯᠠᠨ᠋ᠳ᠋ ᠤᠯᠤᠰ ᠠ᠋ᠴᠠ ᠮᠣᠩᠭᠣᠯ ᠤᠯᠤᠰ ᠲᠤ ᠬᠠᠪᠰᠤᠷᠤᠨ ᠰᠠᠭᠤᠬᠤ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠮᠢᠻᠻᠤ ᠻᠢᠨ᠋᠊ᠨᠦ᠋ᠨᠧᠨ ᠢ᠋ ᢈᠦᠯᠢᠶᠡᠨ ᠠᠪᠴᠤ ᠠᠭᠤᠯᠵᠠᠯ᠎ᠠ᠃  ᠨᠣᠶᠠᠨ ᠮᠢᠻᠻᠤ ᠻᠢᠨ᠋᠊ᠨᠦ᠋ᠨᠧᠨ ᠨᠢ ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠒᠑ ᠤ᠋ ᠡᠳᠦᠷ ᠮᠣᠩᠭᠣᠯ ᠤᠯᠤᠰ ᠤ᠋ᠨ ᠶᠡᠷᠦᠩᢈᠡᠶᠢᠯᠡᢉᠴᠢ ᠤᠬᠤᠨ᠎ᠠ ᠶ᠋ᠢᠨ ᢈᠦᠷᠡᠯᠰᠦ᠋ᢈᠡ ᠳ᠋ᠦ ᠢᠲᠡᢉᠡᠮᠵᠢᠯᠡᢈᠦ ᠵᠢᠭᠤᠬᠤ ᠪᠢᠴᠢᢉ ᠢ᠋ᠶᠡᠨ ᠡᠷᢉᠦᠨ ᠪᠠᠷᠢᠭᠰᠠᠨ ᠶᠤᠮ᠃  

ᠠᠭᠤᠯᠵᠠᠯᠲᠠ ᠪᠠᠷ ᠲᠠᠯ᠎ᠠ ᠨᠤᠭᠤᠳ ᠪᠣᠯᠪᠠᠰᠤᠷᠠᠯ ᠤ᠋ᠨ ᠰᠠᠯᠪᠤᠷᠢ ᠲᠡᠳᠦᠢ ᠦᢉᠡᠢ ᠪᠠᠶᠢᠭᠠᠯᠢ ᠣᠷᠴᠢᠨ᠂ ᠴᠠᢈᠢᠮ ᢈᠥᢉᠵᠢᠯ᠂ ᠬᠤᠳᠠᠯᠳᠤᠭ᠎ᠠ᠂ ᠡᠳ᠋ ᠦ᠋ᠨ ᠵᠠᠰᠠᠭ ᠵᠡᠷᢉᠡ ᠪᠤᠰᠤᠳ ᠰᠠᠯᠪᠤᠷᠢ ᠳ᠋ᠠᢈᠢ ᠬᠣᠶᠠᠷ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠲᠠᠯ ᠠ᠋ ᠪᠠᠷ ᠶᠠᠷᠢᠶ᠎ᠠ ᠥᠷᠨᠢᢉᠦᠯᠵᠦ᠂ ᠤᠯᠤᠰ ᠤ᠋ᠨ ᢈᠥᢉᠵᠢᠯ ᠳ᠋ᠦ ᠪᠣᠯᠪᠠᠰᠤᠷᠠᠯ᠂ ᠪᠣᠯᠪᠠᠰᠤᠨ ᢈᠦᠴᠦᠨ ᠪᠣᠯ ᠬᠠᠮᠤᠭ ᠤ᠋ᠨ ᠴᠢᠬᠤᠯᠠ ᠨᠥᢉᠡᠴᠡ ᢉᠡᠳᠡᢉ ᠲᠦ ᠰᠠᠨᠠᠯ ᠨᠢᢉᠡᠳᠪᠡ᠃  ᠴᠢᠨᠠᠭᠰᠢᠳᠠ ᠬᠣᠶᠠᠷ ᠤᠯᠤᠰ ᠤ᠋ᠨ ᠨᠠᠶᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭ᠎ᠠ ᠶ᠋ᠢ ᠪᠡᢈᠢᠵᠢᢉᠦᠯᠵᠦ᠂ ᠪᠦᢈᠦ ᠰᠠᠯᠪᠤᠷᠢ ᠳ᠋ᠤ ᠥᠷᢉᠡᠵᠢᢉᠦᠯᠦᠨ ᢈᠥᢉᠵᠢᢉᠦᠯᢈᠦ ᠪᠡᠨ ᠲᠠᠯ᠎ᠠ ᠨᠤᠭᠤᠳ ᠬᠠᠷᠢᠯᠴᠠᠨ ᠢᠯᠡᠷᢈᠡᠶᠢᠯᠡᠯ᠎ᠡ᠃

ᠪᠣᠯᠪᠠᠰᠤᠷᠠᠯ ᠤ᠋ᠨ ᠶᠠᠮᠤᠨ᠂ «Eduten» ᠳ᠋ᠢᠵᠢᠲ᠋ᠠᠯ ᠪᠣᠯᠪᠠᠰᠤᠷᠠᠯ ᠤ᠋ᠨ ᠻᠣᠮᠫᠠᠨᠢ ᠬᠣᠭᠤᠷᠤᠨᠳᠤ ᠶ᠋ᠢᠨ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ ᠦ᠋ᠨ ᢈᠦᠷᠢᠶᠡᠨ ᠳ᠋ᠦ ᠹᠢᠨ᠋ᠯᠠᠨ᠋ᠳ᠋ ᠤᠯᠤᠰ ᠤ᠋ᠨ ᠲᠦᠷᠻᠦ ᠶᠡᢈᠡ ᠰᠤᠷᠭᠠᠭᠤᠯᠢ ᠶ᠋ᠢᠨ «Eduten» ᠴᠠᢈᠢᠮ ᠫᠯᠠᠲ᠋ᠹᠤᠷᠮ ᠢ᠋ ᠒᠐᠒᠒-᠒᠐᠒᠓ ᠣᠨ ᠤ᠋ ᢈᠢᠴᠢᠶᠡᠯ ᠦ᠋ᠨ ᠵᠢᠯ ᠡᠴᠡ ᠡᢈᠢᠯᠡᠨ ᠰᠤᠷᠭᠠᠯᠲᠠ ᠶ᠋ᠢᠨ ᢈᠥᠲᠦᠯᠪᠦᠷᠢ ᠳ᠋ᠦ ᠨᠡᠪᠲᠡᠷᠡᢉᠦᠯᠦᢉᠰᠡᠨ᠃  ᠣᠳᠤ ᠶ᠋ᠢᠨ ᠪᠠᠶᠢᠳᠠᠯ ᠢ᠋ᠶᠠᠷ ᠮᠣᠩᠭᠣᠯ ᠤᠯᠤᠰ ᠤ᠋ᠨ ᢈᠡᠮᠵᠢᠶᠡᠨ ᠳ᠋ᠦ ᠪᠠᠭ᠎ᠠ ᠪᠣᠯᠪᠠᠰᠤᠷᠠᠯ ᠤ᠋ᠨ ᠪᠤᠶᠤ ᠑-᠕ ᠳ᠋ᠤᠭᠠᠷ ᠠᠩᢉᠢ ᠶ᠋ᠢᠨ ᠰᠤᠷᠤᠭᠴᠢᠳ ᠡᠨᠡ ᢈᠦ ᠫᠯᠠᠲ᠋ᠹᠣᠷᠮ ᠤ᠋ᠨ ᠲᠤᠰᠠᠯᠠᠮᠵᠢ ᠲᠠᠢ ᠪᠠᠷ ᠮᠠᠲ᠋ᠧᠮᠠᠲ᠋ᠢᠭ ᠤ᠋ᠨ ᢈᠢᠴᠢᠶᠡᠯ ᠢ᠋ ᠰᠤᠳᠤᠯᠵᠤ ᠪᠠᠶᠢᠨ᠎ᠠ᠃  ᠮᠣᠩᠭᠤᠯ ᢈᠡᠦᢈᠡᠳ ᠦ᠋ᠳ «Eduten» ᠫᠯᠠᠲ᠋ᠹᠣᠷᠮ ᠤ᠋ᠨ ᢈᠢᠴᠢᠶᠡᠯ ᠢ᠋ ᠡᠳᠦᠷ ᠲᠦ ᠳᠤᠮᠳᠠᠵᠢ ᠪᠠᠷ ᠗ ᠮᠢᠨᠦ᠋ᠲ ᠦᠵᠡᠳᠡᢉ ᠪᠥᢉᠡᠳ ᠪᠣᠳᠤᠭᠰᠠᠨ ᠪᠣᠳᠤᠯᠭ᠎ᠠ ᠶ᠋ᠢᠨ ᠢ᠋ᠶᠠᠨ ᠲᠣᠭ᠎ᠠ ᠪᠠᠷ ᠳᠡᠯᠡᢈᠡᠢ ᠳ᠋ᠦ ᠲᠣᠯᠤᠭᠠᠢ ᠴᠣᢈᠢᠳᠠᠭ ᠪᠣᠯᠬᠤ ᠶ᠋ᠢ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠣᠨᠴᠠᠯᠠᠯ᠎ᠠ᠃

ᠡᠳ᠋ ᠦ᠋ᠨ ᠵᠠᠰᠠᠭ᠂ ᠰᠢᠨᠵᠢᠯᠡᢈᠦ ᠤᠬᠠᠭᠠᠨ᠂ ᠲᠧᠻᠨᠢᢉ ᠦ᠋ᠨ ᠬᠠᠮᠲᠤ ᠶ᠋ᠢᠨ ᠠᠵᠢᠯᠯᠠᠭᠠᠨ ᠤ᠋ ᠮᠣᠩᠭᠣᠯ᠂ ᠹᠢᠨ᠋ᠯᠠᠨ᠋ᠳ᠋ ᠤ᠋ᠨ ᠵᠠᠰᠠᠭ ᠤ᠋ᠨ ᠭᠠᠵᠠᠷ ᠬᠣᠭᠤᠷᠤᠨᠳᠤ ᠶ᠋ᠢᠨ ᠻᠣᠮᠢᠰᠰ ᠤ᠋ᠨ ᠮᠣᠩᠭᠣᠯ ᠤ᠋ᠨ ᠲᠠᠯ᠎ᠠ ᠶ᠋ᠢ ᠪᠣᠯᠪᠠᠰᠤᠷᠠᠯ ᠤ᠋ᠨ ᠰᠠᠶᠢᠳ᠂ ᠹᠢᠨ᠋ᠯᠠᠨ᠋ᠳ᠋ ᠤ᠋ᠨ ᠲᠠᠯ᠎ᠠ ᠶ᠋ᠢ ᠲᠤᠰ ᠤᠯᠤᠰ ᠤ᠋ᠨ ᠭᠠᠳᠠᠭᠠᠳᠤ ᢈᠡᠷᠡᢉ ᠦ᠋ᠨ ᠶᠠᠮᠤᠨ ᠤ᠋ ᠭᠠᠳᠠᠭᠠᠳᠤ ᠬᠤᠳᠠᠯᠳᠤᠭ᠎ᠠ᠂ ᠡᠳ᠋ ᠦ᠋ᠨ ᠵᠠᠰᠠᠭ ᠤ᠋ᠨ ᠬᠠᠮᠲᠤ ᠶ᠋ᠢᠨ ᠠᠵᠢᠯᠯᠠᠭ᠎ᠠ ᠬᠠᠷᠢᠭᠤᠴᠠᠭᠰᠠᠨ ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠬᠠᠷᠢᠭᠤᠴᠠᠳᠠᠭ᠃  ᠻᠣᠮᠢᠰᠰ ᠤ᠋ᠨ ᠑᠔ ᠳ᠋ᠦ᠋ᢉᠡᠷ ᠬᠤᠷᠠᠯᠳᠤᠭᠠᠨ ᠢ᠋ ᠒᠐᠒᠒ ᠣᠨ ᠳ᠋ᠤ ᠮᠣᠩᠭᠣᠯ ᠤᠯᠤᠰ ᠲᠤ ᠠᠮᠵᠢᠯᠲᠠᠲᠠᠢ ᠵᠣᢈᠢᠶᠠᠨ ᠪᠠᠶᠢᠭᠤᠯᠤᠭᠰᠠᠨ ᠪᠥᢉᠡᠳ ᠑᠕ ᠳ᠋ᠤᠭᠠᠷ ᠬᠤᠷᠠᠯᠳᠤᠭᠠᠨ ᠢ᠋ ᠒᠐᠒᠖ ᠣᠨ ᠳ᠋ᠤ ᠹᠢᠨ᠋ᠯᠠᠨ᠋ᠳ᠋ ᠤᠯᠤᠰ ᠲᠤ ᠵᠣᢈᠢᠶᠠᠨ ᠪᠠᠶᠢᠭᠤᠯᠬᠤ ᠪᠠᠷ ᠲᠥᠯᠦᠪᠯᠡᠵᠦ ᠪᠠᠶᠢᠨ᠎ᠠ᠃ ᠲᠤᠰ ᠻᠣᠮᠢᠰᠰ ᠤ᠋ᠨ ᠬᠤᠷᠠᠯᠳᠤᠭᠠᠨ ᠤ᠋ ᠮᠥᠷ ᠢ᠋ᠶᠡᠷ ᠬᠣᠶᠠᠷ ᠤᠯᠤᠰ ᠪᠣᠯᠪᠠᠰᠤᠷᠠᠯ᠂ ᠬᠤᠳᠠᠯᠳᠤᠭ᠎ᠠ᠂ᠡᠳ᠋ ᠦ᠋ᠨ ᠵᠠᠰᠠᠭ᠂ ᠪᠠᠶᠢᠭᠠᠯᠢ ᠣᠷᠴᠢᠨ᠂ ᠴᠠᢈᠢᠮ ᢈᠥᢉᠵᠢᠯ᠂ ᢈᠥᠳᠡᢉᠡ ᠠᠵᠤ ᠠᠬᠤᠢ᠂ ᠠᠭᠤᠯᠠ ᠠᠭᠤᠷᠬᠠᠢ᠂ ᠡᠷᠴᠢᠮ ᢈᠦᠴᠦ᠂ ᠡᠷᠡᢉᠦᠯ ᠮᠡᠨᠳᠦ᠂ ᠰᠢᠨᠵᠢᠯᠡᢈᠦ ᠤᠬᠠᠭᠠᠨ ᠵᠡᠷᢉᠡ ᠣᠯᠠᠨ ᠰᠠᠯᠪᠤᠷᠢ ᠳ᠋ᠤ ᠴᠢᠬᠤᠯᠠ ᠠᠴᠢ ᠬᠣᠯᠪᠤᠭᠳᠠᠯ ᠲᠠᠢ ᠠᠷᠭ᠎ᠠ ᢈᠡᠮᠵᠢᠶ᠎ᠡ ᠨᠦ᠋ᢉᠦᠳ ᠢ᠋ ᠬᠠᠮᠲᠤᠷᠠᠨ ᢈᠡᠷᠡᢉᠵᠢᢉᠦᠯᠦᢉᠰᠡᠨ ᠪᠢᠯᠡ᠃