ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠶᠠᠫᠤᠨ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭᠠ /ᠵᠠᠶᠢᠻᠠ/- ᠶ᠋ᠢᠨ ᠮᠣᠩᠭᠣᠯ ᠳ᠋ᠠᢈᠢ ᠲᠥᠯᠦᢉᠡᠯᠡᢉᠴᠢ ᠶ᠋ᠢᠨ ᠭᠠᠵᠠᠷ ᠤ᠋ᠨ ᠳᠠᠷᠤᠭᠠ ᠮᠢᠶᠠᢉᠢ ᠻᠡᠨ᠋ᠰᠦ᠋ᠻᠡ ᠪᠣᠯᠤᠨ ᠵᠠᠶᠢᠻᠠ- ᠶ᠋ᠢᠨ ᠲᠣᠻᠢᠣ᠋ ᠳ᠋ᠠᢈᠢ ᠲᠥᠪ ᠦ᠋ᠨ ᠲᠥᠯᠦᢉᠡᠯᠡᢉᠴᠢᠳ ᠲᠡᠢ ᠠᠭᠤᠯᠵᠠᠪᠠ᠃
ᠠᠭᠤᠯᠵᠠᠯᠲᠠ ᠪᠠᠷ «ᠢᠨ᠋ᠵᠧᠨᠧᠷ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ-᠒» ᠲᠥᠰᠦᠯ ᠢ᠋ ᢈᠡᠷᠡᢉᠵᠢᢉᠦᠯᢈᠦ᠂ ᠻᠣᠣᠰᠧᠨ ᠲᠥᠰᠦᠯ ᠦ᠋ᠨ ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠵᠢᠱᠢᢉ ᢈᠥᠲᠦᠯᠪᠦᠷᠢ ᠶ᠋ᠢ ᢈᠡᠷᠡᢉᠵᠢᢉᠦᠯᢈᠦ᠂ ᢈᠦᠮᠦᠨ ᠦ᠋ ᠨᠥᢉᠡᠴᠡ ᠶ᠋ᠢ ᠪᠡᠯᠡᠳᢈᠡᢈᠦ᠂ ᠱᠠᠭᠠᠷᠳᠠᠯᠭᠠᠲᠠᠢ ᠲᠣᠨᠤᠭ ᠲᠥᢈᠦᢉᠡᠷᠦᠮᠵᠢ ᠶ᠋ᠢ ᠨᠡᠶᠢᠯᠡᢉᠦᠯᢈᠦ᠂ ᠠ᠂ ᠰᠢ᠂ ᠤ᠂ ᠦ᠂ ᠶᠡ᠂ ᠰᠤ᠂-ᠶ᠋ᠢᠨ ᠬᠠᠷᠢᠶᠠ ᠮᠣᠩᠭᠣᠯ-ᠶᠠᠫᠣᠨ ᠤ᠋ ᠡᠮᠨᠡᠯᢉᠡ ᠶ᠋ᠢᠨ ᠥᠷᢉᠡᠳᢈᠡᠯ ᠦ᠋ᠨ ᠲᠥᠰᠦᠯ ᠢ᠋ ᢈᠡᠷᠡᢉᠵᠢᢉᠦᠯᢈᠦ ᠵᠡᠷᢉᠡ ᠠᠰᠠᠭᠤᠳᠠᠯ ᠢ᠋ᠶᠠᠷ ᠰᠠᠨᠠᠯ ᠰᠣᠯᠢᠯᠴᠠᠨ ᠶᠠᠷᠢᠯᠴᠠᠯᠠ᠃
ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠥᠩᢉᠡᠷᠡᢉᠰᠡᠨ ᠣᠨ ᠤ᠋ ᠑᠑ ᠳ᠋ᠦ᠋ᢉᠡᠷ ᠰᠠᠷᠠ ᠳ᠋ᠤ ᠶᠠᠫᠤᠨ ᠤᠯᠤᠰ ᠲᠤ ᢈᠢᢉᠰᠡᠨ ᠠᠵᠢᠯ ᠤ᠋ᠨ ᠠᠶᠢᠯᠴᠢᠯᠠᠯ ᠤ᠋ᠨ ᠦᠶᠡ ᠪᠡᠷ ᠶᠠᠷᠢᠭᠳᠠᠭᠰᠠᠨ «ᠢᠨ᠋ᠵᠧᠨᠧᠷ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᠬᠣᠶᠠᠳᠤᠭᠠᠷ ᠦᠶᠡ ᠱᠠᠲᠤ ᠶ᠋ᠢ ᢈᠡᠷᠡᢉᠵᠢᢉᠦᠯᢈᠦ ᠪᠡᠷ ᠰᠤᠳᠤᠯᠭᠠᠨ ᠤ᠋ ᠪᠠᠭ ᠢᠷᠡᢉᠰᠡᠨ ᠳ᠋ᠦ ᠲᠠᠯᠠᠷᠬᠠᠯ ᠢ᠋ᠶᠠᠨ ᠢᠯᠡᠷᢈᠡᠶᠢᠯᠡᢉᠡᠳ᠂ ᠡᠨᠡ ᢈᠦ ᠲᠥᠰᠦᠯ ᠦ᠋ᠨ ᠡᢈᠢᠨ ᠦ᠋ ᠱᠠᠲᠤ ᠠᠮᠵᠢᠯᠲᠠᠲᠠᠢ ᢈᠡᠷᠡᢉᠵᠢᠵᠦ ᠮᠠᠨ ᠤ᠋ ᠤᠯᠤᠰ ᠲᠤ ᠦᠨ᠋ ᠡ᠋ ᠲᠡᠢ ᠬᠤᠪᠢ ᠨᠡᠮᠡᠷᠢ ᠪᠡᠨ ᠥᢉᢉᠦᢉᠰᠡᠨ ᢈᠡᠮᠡᠨ ᠣᠨᠴᠠᠯᠠᠯᠠ᠃
ᠨᠣᠶᠠᠨ ᠮᠢᠶᠠᢉᠢ ᠻᠡᠨ᠋ᠰᠦ᠋ᠻᠡ ᠲᠥᠰᠦᠯ ᠢ᠋ ᠠᠮᠵᠢᠯᠲᠠᠲᠠᠢ ᢈᠡᠷᠡᢉᠵᠢᢉᠦᠯᢈᠦ ᠳ᠋ᠦ ᠮᠣᠩᠭᠣᠯᠴᠤᠳ ᠤ᠋ᠨ ᢈᠢᠴᠢᠶᠡᠯ ᠵᠢᠳᢈᠦᠯ᠂ ᠲᠤᠭᠤᠰᠢᠲᠠᠢ ᠴᠢᠨᠠᠷ ᠴᠢᠬᠤᠯᠠ ᠨᠥᠯᠦᢉᠡ ᠦᠵᠡᢉᠦᠯᠦᢉᠰᠡᠨ ᠢ᠋ ᠳᠤᠷᠢᠳᠤᠭᠠᠳ ᠴᠢᠨᠠᠭᠰᠢᠳᠠ ᠬᠠᠮᠲᠤᠷᠠᠨ ᠠᠵᠢᠯᠠᠬᠤ ᠳ᠋ᠤ ᠪᠠᠨ ᠲᠠᠭᠠᠲᠠᠢ ᠪᠠᠶᠢᠭᠠ ᠪᠠᠨ ᠢᠯᠡᠷᢈᠡᠶᠢᠯᠡᠯᠡ᠃