ᠥᠷᢉᠡᠳᢈᠡᢉᠰᠡᠨ ᢈᠡᠮᠡᠨ ᠣᠨᠴᠠᠯᠠᠭᠰᠠᠨ ᠨᠢ ᠤᠭ ᠬᠤᠷᠠᠯ ᠳ᠋ᠤ ᠶᠠᠮᠤᠨ ᠪᠣᠯᠤᠨ ᠬᠠᠷᠢᠶᠠ ᠪᠠᠶᠢᠭᠤᠯᠤᠯᠭᠠ ᠶ᠋ᠢᠨ ᠬᠣᠯᠪᠤᠭᠳᠠᠬᠤ ᠠᠯᠪᠠᠨ ᠲᠤᠰᠢᠶᠠᠯᠲᠠᠨ ᠨᠤᠭᠤᠳ ᠠ᠋ᠴᠠ ᠭᠠᠳᠠᠨᠠ ᠶᠢᠰᠦᠨ ᠳᠡᢉᠦᠷᢉᠡ ᠶ᠋ᠢᠨ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠨᠠᠷ ᠪᠡᠶᠡᠴᠢᠯᠡᠨ᠂ ᠒᠑ ᠠᠶᠢᠮᠠᠭ ᠤ᠋ᠨ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠨᠠᠷ ᠴᠠᢈᠢᠮ ᠢ᠋ᠶᠠᠷ ᠣᠷᠤᠯᠴᠠᠯᠠ᠃
ᠬᠤᠷᠠᠯ ᠢ᠋ ᠨᠡᢉᠡᢉᠡᠵᠦ ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠒᠐᠒᠖ ᠣᠨ ᠢ᠋ «ᠪᠣᠯᠪᠠᠰᠤᠷᠠᠯ ᠢ᠋ ᠳᠡᠮᠵᠢᢈᠦ ᠵᠢᠯ» ᠪᠣᠯᠭᠠᠵᠤ ᠪᠠᠶᠢᠭᠠ ᠲᠠᠢ ᠬᠣᠯᠪᠤᠭᠳᠠᠭᠤᠯᠤᠨ ᢈᠢᢈᠦ ᠪᠡᠷ ᠲᠥᠯᠦᠪᠯᠡᠵᠦ ᠪᠤᠢ ᠠᠵᠢᠯ ᠤ᠋ᠳ ᠤ᠋ᠨ ᠲᠠᠯ ᠠ᠋ ᠪᠠᠷ ᠮᠡᠳᠡᢉᠡᠯᠡᠯ ᢈᠢᠵᠦ᠂ᠣᠶᠢᠷᠠ ᠶ᠋ᠢᠨ ᠬᠤᠭᠤᠴᠠᠭᠠᠨ ᠳ᠋ᠤ ᠠᠩᠬᠠᠷᠬᠤ ᠠᠰᠠᠭᠤᠳᠠᠯ ᠤ᠋ᠳ ᠢ᠋ᠶᠠᠷ ᠴᠢᢉᠯᠡᠯ᠂ ᠡᢉᠦᠷᢉᠡ ᠳᠠᠭᠠᠭᠠᠯᠭᠠᠪᠤᠷᠢ ᠥᢉᢉᠦᠯ ᠡ᠋᠃
ᠲᠤᠬᠠᠶᠢᠯᠠᠪᠠᠯ᠂ ᠤᠷᠲᠠᠰᠬᠠᠭᠰᠠᠨ ᠴᠠᠭ ᠢ᠋ᠶᠠᠷ ᠠᠵᠢᠯᠯᠠᠵᠤ ᠪᠠᠶᠢᠭᠠ ᠴᠡᠴᠡᠷᠯᠢᢉ ᠦ᠋ᠨ ᢈᠡᠦᢈᠡᠳ ᠦ᠋ᠨ ᠬᠣᠭᠤᠯᠠᠨ ᠤ᠋ ᠠᠰᠠᠭᠤᠳᠠᠯ ᠢ᠋ ᠰᠤᠳᠤᠯᠤᠨ ᠰᠢᠢᠳᠪᠦᠷᠢᠯᠡᢈᠦ᠂ ᠣᠷᠤᠨ ᠨᠤᠲᠤᠭ ᠤ᠋ᠨ ᠬᠤᠪᠢ ᠶ᠋ᠢᠨ ᠥᠮᠴᠢ ᠶ᠋ᠢᠨ ᠴᠡᠴᠡᠷᠯᠢᢉ᠂ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠲᠤᠰᠬᠠᠢ ᠵᠥᠪᠰᠢᠶᠡᠷᠡᠯ᠂ ᠬᠤᠪᠢᠰᠬᠤ ᠵᠠᠷᠤᠳᠠᠯ ᠲᠠᠢ ᠬᠣᠯᠪᠤᠭᠠᠲᠠᠢ ᠡᢉᠦᠰᠦᢉᠡᠳ ᠪᠠᠶᠢᠭᠠ ᠠᠰᠠᠭᠤᠳᠠᠯ ᠢ᠋ ᠰᠤᠳᠤᠯᠤᠨ ᠰᠢᠢᠳᠦᠯ ᠢ᠋ ᠲᠠᠨᠢᠯᠴᠠᠭᠤᠯᠬᠤ᠂ᠬᠣᠶᠢᠳᠤ ᠪᠦᠰᠡ ᠳ᠋ᠦ (ᠣᠷᠬᠤᠨ ᠠᠶᠢᠮᠠᠭ ᠲᠤ) ᠪᠠᠭᠰᠢ ᠶ᠋ᠢᠨ ᢈᠥᢉᠵᠢᠯ ᠳ᠋ᠦ ᠳᠡᠮᠵᠢᠯᢉᠡ ᠦᠵᠡᢉᠦᠯᢈᠦ ᠲᠥᠪ ᠢ᠋ ᠪᠠᠶᠢᠭᠤᠯᠬᠤ᠂ ᠢᠷᠡᢈᠦ ᢈᠢᠴᠢᠶᠡᠯ ᠦ᠋ᠨ ᠵᠢᠯ ᠡᠴᠡ ᠡᢈᠢᠯᠡᠨ ᠓-᠔ ᠳ᠋ᠦ᠋ᢉᠡᠷ ᠠᠩᢉᠢ ᠳ᠋ᠤ ᠠᠩᢉᠯᠢ ᢈᠡᠯᠡ ᠵᠢᠭᠠᠬᠤ ᠪᠡᠯᠡᠳᢈᠡᠯ ᠢ᠋ ᠬᠠᠩᠭᠠᠵᠤ᠂ᠬᠣᠯᠪᠤᠭᠳᠠᠬᠤ ᠲᠤᠰᠢᠶᠠᠯ ᠢ᠋ ᠪᠠᠲᠤᠯᠠᠭᠤᠯᠬᠤ᠂ ᠪᠠᠭᠰᠢ ᠨᠠᠷ ᠤ᠋ᠨ ᠰᠤᠷᠭᠠᠯᠲᠠ ᠶ᠋ᠢ ᠮᠤ᠂ ᠤ᠂ ᠪᠤ᠂ ᠶᠡ᠂ ᠰᠤ᠂ ᠪᠣᠯᠤᠨ ᠪᠤᠰᠤᠳ ᠪᠠᠶᠢᠭᠤᠯᠤᠯᠭᠠ ᠲᠠᠢ ᠬᠠᠮᠲᠤᠷᠠᠨ ᠡᢈᠢᠯᠡᢉᠦᠯᢈᠦ᠂ ᠪᠡᠯᠡᠳᢈᠡᠯ ᠬᠠᠩᠭᠠᠬᠤ᠂ ᠴᠡᠴᠡᠷᠯᠢᢉ᠂ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ ᠶ᠋ᠢᠨ ᠬᠣᠮᠰᠠᠳᠠᠯ ᠢ᠋ ᠪᠠᠭᠤᠷᠠᠭᠤᠯᠬᠤ ᠳ᠋ᠤ ᠣᠷᠤᠨ ᠨᠤᠲᠤᠭ᠂ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭᠠ ᠰᠠᠨᠠᠭᠠᠴᠢᠯᠠᠭᠠ ᠭᠠᠷᠭᠠᠨ ᠠᠩᠬᠠᠷᠴᠤ ᠠᠵᠢᠯᠯᠠᠬᠤ᠂ ᠡᢉᠦᠨ ᠲᠡᠢ ᠬᠣᠯᠪᠤᠭᠳᠠᠭᠤᠯᠤᠨ ᠪᠠᠭᠰᠢ ᠪᠡᠯᠡᠳᢈᠡᢈᠦ ᠶᠡᢈᠡ᠂ ᠳᠡᢉᠡᠳᠦ ᠰᠤᠷᠭᠠᠭᠤᠯᠢ ᠲᠠᠢ ᠬᠠᠮᠲᠤᠷᠠᠨ «ᠪᠠᠭᠰᠢᠯᠠᠬᠤ ᠡᠷᢈᠡ ᠣᠯᠭᠤᠬᠤ» ᠰᠤᠷᠭᠠᠯᠲᠠ ᠶ᠋ᠢ ᠣᠷᠤᠨ ᠨᠤᠲᠤᠭ ᠲᠤ ᠵᠣᢈᠢᠶᠠᠨ ᠪᠠᠶᠢᠭᠤᠯᠬᠤ ᠵᠡᠷᢉᠡ ᠒᠐ ᠭᠠᠷᠤᠢ ᠴᠢᢉᠯᠡᠯ ᠢ᠋ᠶᠡᠷ ᠲᠤᠬᠠᠶᠢᠯᠴᠢᠯᠠᠨ ᠡᢉᠦᠷᢉᠡ ᠥᢉᢉᠦᢉᠰᠡᠨ ᠶᠤᠮ᠃
ᠡᠨᠡ ᢈᠦ ᠥᠷᢉᠡᠳᢈᠡᢉᠰᠡᠨ ᠬᠤᠷᠠᠯᠳᠤᠭᠠᠨ ᠢ᠋ ᠰᠠᠷᠠ ᠪᠦᠷᠢ ᠲᠣᠭᠲᠠᠮᠠᠯᠵᠢᠭᠤᠯᠬᠤ ᠪᠠᠷ ᠪᠣᠯᠤᠯᠠ᠃