ᠻᠦᠮᠣᠨ ᠨᠢ ᠳᠡᠯᠡᢈᠡᠢ ᠶ᠋ᠢᠨ ᠖᠓ ᠣᠷᠤᠨ ᠳ᠋ᠤ ᠰᠤᠷᠭᠠᠯᠲᠠ ᠶ᠋ᠢᠨ ᠦᠢᠯᠡ ᠠᠵᠢᠯᠯᠠᠭᠠ ᠶᠠᠪᠤᠭᠤᠯᠳᠠᠭ᠂ ᢈᠡᠦᢈᠡᠳ ᠲᠤᠰ ᠪᠦᠷᠢ ᠳ᠋ᠦ ᠲᠦᠪᠰᠢᠨ ᠳ᠋ᠦ ᠨᠢ ᠲᠣᢈᠢᠷᠠᠭᠰᠠᠨ ᠰᠤᠷᠭᠠᠯᠲᠠ᠂ ᠶᠠᠪᠤᠭᠤᠯᠵᠤ ᠴᠢᠳᠠᠬᠤ ᠠ᠋ᠴᠠ ᠪᠠᠨ ᠡᢈᠢᠯᠡᢉᠡᠳ ᠠᠯᠬᠤᠮ ᠠᠯᠬᠤᠮ ᠢ᠋ᠶᠠᠷ ᠠᢈᠢᠬᠤ ᠠᢈᠢᠴᠠ ᠪᠠᠷ ᠨᠢ ᠦᠨᠡᠯᠡᠳᠡᢉ ᠣᠨᠴᠠᠯᠢᠭ ᠲᠠᠢ ᠶᠠᠫᠣᠨ ᠳ᠋ᠤ ᠠᠯᠳᠠᠷᠲᠠᠢ ᢈᠥᠲᠦᠯᠪᠦᠷᠢ ᠶᠤᠮ᠃
ᠡᠨᠡ ᠣᠨ ᠤ᠋ ᠬᠣᠶᠠᠳᠤᠭᠠᠷ ᠰᠠᠷᠠ ᠳ᠋ᠤ «ᠻᠦᠮᠣᠨ᠋» ᠤ᠋ᠨ ᠵᠢᠭᠠᠬᠤ ᠠᠷᠭᠠ ᠵᠦᠢ ᠶ᠋ᠢ ᠮᠣᠩᠭᠣᠯ ᠳ᠋ᠤ ᠨᠡᠪᠲᠡᠷᠡᢉᠦᠯᢈᠦ ᠲᠤᠷᠰᠢᠯᠲᠠ ᠶ᠋ᠢᠨ ᠲᠥᠰᠦᠯ ᢈᠡᠷᠡᢉᠵᠢᢉᠦᠯᢈᠦ ᠲᠤᠬᠠᠢ ᠮᠣᠩᠭᠣᠯ ᠤᠯᠤᠰ ᠤ᠋ᠨ ᠪᠣᠯᠪᠠᠰᠤᠷᠠᠯ ᠤ᠋ᠨ ᠶᠠᠮᠤᠨ᠂ ᠶᠠᠫᠤᠨ ᠤᠯᠤᠰ ᠤ᠋ᠨ «ᠻᠦᠮᠣᠨ᠋» ᠪᠣᠯᠪᠠᠰᠤᠷᠠᠯ ᠤ᠋ᠨ ᢈᠦᠷᠢᠶᠡᠯᠡᠩ ᠬᠣᠭᠤᠷᠤᠨᠳᠤ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ ᠲᠤ ᠮᠣᠩᠭᠣᠯ ᠤ᠋ᠨ ᠲᠠᠯᠠ ᠠ᠋ᠴᠠ ᠪᠣᠯᠪᠠᠰᠤᠷᠠᠯ ᠤ᠋ᠨ ᠶᠠᠮᠤᠨ ᠤ᠋ ᠶᠡᠷᠦᠩᢈᠡᠢ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠮ᠂ᠴᠣᠭᠵᠤᠯᠮᠠ᠂ ᠶᠠᠫᠤᠨ ᠤ᠋ ᠲᠠᠯᠠ ᠠ᠋ᠴᠠ «ᠻᠦᠮᠣᠨ᠋» ᠪᠣᠯᠪᠠᠰᠤᠷᠠᠯ ᠤ᠋ᠨ ᢈᠦᠷᠢᠶᠡᠯᠡᠩ ᠦ᠋ᠨ ᠰᠲ᠋ᠷᠠᠲ᠋ᠧᢉᠢ ᠲᠥᠯᠦᠪᠯᠡᠯᠲᠡ᠂ ᠰᠤᠷᠲᠠᠯᠴᠢᠯᠠᠭᠠᠨ ᠤ᠋ ᢈᠡᠯᠲᠡᠰ ᠦ᠋ᠨ ᠳᠡᠳ᠋ ᠳᠠᠷᠤᠭᠠ ᠻᠧᠨ᠋ᠲ᠋ᠠᠷᠣ᠋ ᠮᠢᠶᠣᠰᠢ ᠨᠠᠷ ᠭᠠᠷ ᠤ᠋ᠨ ᠦᠰᠦᢉ ᠵᠢᠷᠤᠭᠰᠠᠨ ᠪᠢᠯᠡ᠃
ᠲᠤᠰ ᠰᠠᠨᠠᠮᠵᠢ ᠪᠢᠴᠢᢉ ᠦ᠋ᠨ ᢈᠦᠷᠢᠶᠡᠨ ᠳ᠋ᠦ ᠲᠤᠷᠰᠢᠯᠲᠠ ᠶ᠋ᠢᠨ ᠲᠥᠰᠦᠯ ᠢ᠋ «ᠻᠦᠨ᠋ᠽ» ᠰᠤᠷᠭᠠᠭᠤᠯᠢ ᠳᠡᢉᠡᠷᠡ ᠡᢈᠢᠯᠡᢉᠦᠯᠦᠯᠡ᠃