ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠮᠠᠭᠠᠳᠯᠠᠨ ᠢᠲᠡᢉᠡᠮᠵᠢᠯᠡᢉᠳᠡᢉᠰᠡᠨ ᠰᠤᠷᠭᠠᠯᠲᠠ ᠶ᠋ᠢᠨ ᠪᠠᠶᠢᠭᠤᠯᠤᠯᠭᠠ᠂ ᢈᠥᠲᠦᠯᠪᠦᠷᠢ ᠪᠣᠯᠤᠨ «ᠣᠯᠠᠨ ᠤᠯᠤᠰ ᠤ᠋ᠨ ᠰᠢᠨᠵᠢᢉᠡᠴᠢ» ᠶ᠋ᠢᠨ ᢉᠡᠷᠡᠴᠢᠯᠡᢉᠡ ᠭᠠᠷᠳᠠᠭᠤᠯᠬᠤ ᠶᠣᠰᠤᠯᠠᠯ ᠢ᠋ ᠨᠡᢉᠡᢉᠡᠵᠦ ᠦᢉᠡ ᢈᠡᠯᠡᠯᠡ᠃
ᠬ᠂ ᠪ᠂ ᠨ᠂ ᠭ᠂ ᠤ᠂ ᠤ᠋ᠨ ᠮᠠᠭᠠᠳᠯᠠᠨ ᠢᠲᠡᢉᠡᠮᠵᠢᠯᠡᠯ᠂ ᢉᠡᠷᠡᠴᠢᠯᠡᢉᠡᠵᠢᢉᠦᠯᠦᠯᠲᠡ᠂ ᠴᠢᠨᠠᠷ ᠤ᠋ᠨ ᠪᠠᠲᠤᠯᠠᠭᠠᠵᠢᠭᠤᠯᠤᠯᠲᠠ ᠶ᠋ᠢᠨ ᠪᠠᠶᠢᠭᠤᠯᠤᠯᠭᠠ (ACQUIN)᠂ ᠪᠣᠯᠪᠠᠰᠤᠷᠠᠯ ᠤ᠋ᠨ ᠮᠠᠭᠠᠳᠯᠠᠨ ᠢᠲᠡᢉᠡᠮᠵᠢᠯᠡᢈᠦ ᠦᠨᠳᠦᠰᠦᠨ ᠦ᠋ ᠵᠥᠪᠯᠡᠯ (ᠪᠤ᠂ ᠮᠠ᠂ ᠢ᠂ ᠦ᠋᠂ ᠵᠦ) ᠬᠠᠮᠲᠤᠷᠠᠨ ᠪᠤ᠂ ᠮᠠ᠂ ᠢ᠂ ᠦ᠋᠂ ᠵᠦ᠂ ᠶ᠋ᠢᠨ ᠦᠨᠳᠦᠰᠦᠨ ᠦ᠋ ᠰᠢᠨᠵᠢᢉᠡᠴᠢ ᠶ᠋ᠢᠨ ᠰᠠᠩ ᠳ᠋ᠤ ᠪᠦᠷᠢᠳᢈᠡᠯ ᠲᠡᠢ᠂ᠣᠯᠠᠨ ᠤᠯᠤᠰ ᠤ᠋ᠨ ᠰᠢᠨᠵᠢᢉᠡᠴᠢᠳ ᠲᠠᠯᠪᠢᠭᠳᠠᠬᠤ ᠱᠠᠭᠠᠷᠳᠠᠯᠭᠠ ᠶ᠋ᠢ ᠬᠠᠩᠭᠠᠭᠰᠠᠨ ᠕᠕ ᠰᠢᠨᠵᠢᢉᠡᠴᠢ ᠶ᠋ᠢ ᠬᠠᠮᠤᠷᠤᠭᠤᠯᠤᠨ᠂ ᠣᠯᠠᠨ ᠤᠯᠤᠰ ᠤ᠋ᠨ ᠰᠢᠨᠵᠢᢉᠡᠴᠢ ᠶ᠋ᠢᠨ ᠡᠷᢈᠡ ᠪᠦᢈᠦᠢ ᠰᠤᠷᠭᠠᠯᠲᠠ ᠶ᠋ᠢ ᠵᠣᢈᠢᠶᠠᠨ ᠪᠠᠶᠢᠭᠤᠯᠤᠭᠰᠠᠨ ᠶᠤᠮ᠃
ᠤᠭ ᠰᠤᠷᠭᠠᠯᠲᠠ ᠳ᠋ᠤ ᠠᠮᠵᠢᠯᠲᠠ ᠲᠠᠢ ᠬᠠᠮᠤᠷᠤᠭᠳᠠᠭᠰᠠᠨ ᠰᠢᠨᠵᠢᢉᠡᠴᠢᠳ ᠲᠦ «ᠣᠯᠠᠨ ᠤᠯᠤᠰ ᠤ᠋ᠨ ᠰᠢᠨᠵᠢᢉᠡᠴᠢ» ᠪᠠᠷ ᠠᠵᠢᠯᠯᠠᠬᠤ ᠡᠷᢈᠡ ᠪᠦᢈᠦᠢ ᢉᠡᠷᠡᠴᠢᠯᠡᢉᠡ ᠶ᠋ᠢ ᠥᠨᠦᠳᠦᠷ ᠭᠠᠷᠳᠠᠭᠤᠯᠤᠯᠠ᠃
ᠡᠳᠡᢉᠡᠷ ᠰᠢᠨᠵᠢᢉᠡᠴᠢᠳ ᠨᠢ ᠬᠠᠮᠲᠤᠷᠠᠭᠰᠠᠨ ᠮᠠᠭᠠᠳᠯᠠᠨ ᠢᠲᠡᢉᠡᠮᠵᠢᠯᠡᠯ ᠦ᠋ᠨ ᠣᠯᠠᠨ ᠤᠯᠤᠰ ᠤ᠋ᠨ ᠰᠢᠨᠵᠢᢉᠡᠴᠢ ᠶ᠋ᠢᠨ ᠪᠠᠭ ᠲᠤ ᠠᠵᠢᠯᠯᠠᠬᠤ᠂ ᠭᠠᠳᠠᠭᠠᠳᠤ ᠶ᠋ᠢᠨ ᠤᠯᠤᠰ ᠣᠷᠤᠨ ᠨᠤᠭᠤᠳ ᠲᠤ ACQUIN ᠪᠠᠶᠢᠭᠤᠯᠤᠯᠭᠠ ᠶ᠋ᠢᠨ ᠰᠢᠨᠵᠢᢉᠡᠴᠢ ᠪᠡᠷ ᠠᠵᠢᠯᠯᠠᠬᠤ ᠪᠣᠯᠤᠮᠵᠢ ᠪᠦᠷᠢᠳᠴᠦ ᠪᠠᠶᠢᠨᠠ᠃
ᠮᠥᠨ ᠮᠠᠭᠠᠳᠯᠠᠨ ᠢᠲᠡᢉᠡᠮᠵᠢᠯᠡᢉᠳᠡᢉᠰᠡᠨ ᠳᠡᢉᠡᠳᠦ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭᠠ ᠔᠂ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭᠠ ᠙᠂ ᠳᠡᢉᠡᠳᠦ ᠪᠣᠯᠪᠠᠰᠤᠷᠠᠯ ᠤ᠋ᠨ ᠰᠤᠷᠭᠠᠯᠲᠠ ᠶ᠋ᠢᠨ ᢈᠥᠲᠦᠯᠪᠦᠷᠢ ᠔᠘᠂ ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᢈᠥᠲᠦᠯᠪᠦᠷᠢ ᠙᠂ ᠨᠡᠶᠢᠲᠡ ᠗᠐ ᠮᠠᠭᠠᠳᠯᠠᠨ ᠢᠲᠡᢉᠡᠮᠵᠢᠯᠡᠯ ᠦ᠋ᠨ ᢉᠡᠷᠡᠴᠢᠯᠡᢉᠡ ᠶ᠋ᠢ ᠭᠠᠷᠳᠠᠭᠤᠯᠪᠠ᠃