Хаах

ᢈᠦᠨᠳᠦ ᠮᠠᠱᠢᠨ᠋ ᠮᠧᠬᠠᠨᠢᠰᠮ ᠤ᠋ᠨ ᠰᠠᠯᠪᠤᠷᠢ ᠳ᠋ᠤ ᠡᠮᠡᢉᠲᠡᠢᠢᠴᠦᠳ ᠦ᠋ᠨ ᠣᠷᠤᠯᠴᠠᠭ᠎ᠠ ᠶ᠋ᠢ ᠨᠡᠮᠡᢉᠳᠡᢉᠦᠯᠦᠨ᠎ᠡ

A- A A+
ᢈᠦᠨᠳᠦ ᠮᠠᠱᠢᠨ᠋ ᠮᠧᠬᠠᠨᠢᠰᠮ ᠤ᠋ᠨ ᠰᠠᠯᠪᠤᠷᠢ ᠳ᠋ᠤ ᠡᠮᠡᢉᠲᠡᠢᠢᠴᠦᠳ ᠦ᠋ᠨ ᠣᠷᠤᠯᠴᠠᠭ᠎ᠠ ᠶ᠋ᠢ ᠨᠡᠮᠡᢉᠳᠡᢉᠦᠯᠦᠨ᠎ᠡ

ᠪᠣᠯᠪᠠᠰᠤᠷᠠᠯ ᠤ᠋ᠨ ᠶᠠᠮᠤᠨ᠂ GIZ ᠤ᠋ᠨ «ᠲᠦᠩᠰᠢᠯᠡᠯ ᠳ᠋ᠦ ᠰᠠᠭᠤᠷᠢᠯᠠᠭᠰᠠᠨ ᠲᠧᠻᠨᠢᢉ ᠦ᠋ᠨ ᠪᠣᠯᠤᠨ ᠮᠡᠷᢉᠡᠵᠢᠯ ᠦ᠋ᠨ ᠪᠣᠯᠪᠠᠰᠤᠷᠠᠯ᠂ ᠰᠤᠷᠭᠠᠯᠲᠠ II» ᠲᠥᠰᠦᠯ᠂ ᠲᠷᠠᠨ᠋ᠰᠸᠧᠰᠲ ᠮᠣᠩᠭᠣᠯᠢᠶ᠎ᠠ ᠬᠠ‍᠂ ᠬᠤ‍᠂ ᠻᠤ‍᠂ ᠰᠠᠨ᠋ᠳ᠋ᠸᠢᠻ ᠮᠣᠩᠭᠣᠯᠢᠶ᠎ᠠ ᠬᠠ‍᠂ ᠬᠤ‍᠂ ᠻᠤ‍᠂ ᠮ‍᠂ ᠰ‍᠂ ᠮ‍᠂ ᢉᠷᠦᠫ ᠬᠠ‍᠂ ᠬᠤ‍᠂ ᠻᠤ‍᠂ ᠨᠤᠭᠤᠳ ᠬᠠᠮᠲᠤᠷᠠᠨ ᠰᠢ‍᠂ ᠤ‍᠂ ᠲᠸ‍᠂ ᠶᠡ‍᠂ ᠰᠤ‍᠂ ᠶ᠋ᠢᠨ ᠬᠠᠷᠢᠶ᠎ᠠ ᠡᠮᠦᠨᠡᠭᠣᠪᠢ ᠠᠶᠢᠮᠠᠭ ᠳᠠᢈᠢ ᠫᠣᠯᠢᠲ᠋ᠧᢉᠨᠢᢉ ᠻᠣᠯᠯᠧᠵᠢ᠂ ᠨᠠᠯᠠᠶᠢᠬᠤ ᠳᠡᢉᠦᠷᢉᠡ ᠳ᠋ᠡᢈᠢ ᠫᠣᠯᠢᠲ᠋ᠧᢉᠨᠢᢉ ᠻᠣᠯᠯᠧᠵᠢ ᠨᠤᠭᠤᠳ ᠲᠤ «ᢈᠦᠨᠳᠦ ᠮᠠᠱᠢᠨ᠋ ᠮᠧᠬᠠᠨᠢᠰᠮ ᠤ᠋ᠨ ᠰᠠᠯᠪᠤᠷᠢ ᠳ᠋ᠤ ᠵᠧᠨ᠋ᠳᠧᠷ ᠦ᠋ᠨ ᠮᠡᠳᠡᠷᠡᠮᠵᠢᠲᠡᠢ ᠬᠣᠣᠰᠮᠠᠭ ᠰᠤᠷᠭᠠᠯᠲᠠ ᠶ᠋ᠢ ᠨᠡᠪᠲᠡᠷᠡᢉᠦᠯᠦᢉᠰᠡᠨ ᠢ᠋ᠶᠡᠷ ᠡᠮᠡᢉᠲᠡᠢᠢᠴᠦᠳ ᠦ᠋ᠨ ᠣᠷᠤᠯᠴᠠᠭ᠎ᠠ ᠶ᠋ᠢ ᠨᠡᠮᠡᢉᠳᠡᢉᠦᠯᢈᠦ ᠨᠢ» ᠲᠥᠰᠦᠯ ᠢ᠋ ᢈᠡᠷᠡᢉᠵᠢᢉᠦᠯᢈᠦ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ ᠲᠦ ᠭᠠᠷ ᠤ᠋ᠨ ᠦᠰᠦᢉ ᠵᠢᠷᠤᠯ᠎ᠠ᠃

ᠲᠥᠰᠦᠯ ᢈᠡᠷᠡᢉᠵᠢᢉᠰᠡᠨ ᠢ᠋ᠶᠡᠷ:

  • ᢈᠦᠨᠳᠦ ᠮᠠᠱᠢᠨ ᠮᠧᠬᠠᠨᠢᠰᠮ ᠤ᠋ᠨ ᠮᠧᠬᠠᠨᠢᠭᠴᠢ/ᠲᠧᠻᠨᠢᢉᠴᠢ᠂ ᢈᠦᠨᠳᠦ ᠮᠠᠱᠢᠨ᠋ ᠮᠧᠬᠠᠨᠢᠰᠮ ᠤ᠋ᠨ ᠣᠫᠧᠷᠠᠲ᠋ᠣᠷ ᠤ᠋ᠨ ᠴᠢᢉᠯᠡᠯ ᠢ᠋ᠶᠡᠷ ᠬᠣᠣᠰᠮᠠᠭ ᠰᠤᠷᠭᠠᠯᠲᠠ ᠶ᠋ᠢᠨ ᢈᠥᠲᠦᠯᠪᠦᠷᠢ ᠶ᠋ᠢ ᠪᠣᠯᠪᠠᠰᠤᠷᠠᠭᠤᠯᠵᠤ᠂ ᠰᠣᠩᠭᠤᠭᠳᠠᠭᠰᠠᠨ ᠰᠤᠷᠭᠠᠯᠲᠠ ᠶ᠋ᠢᠨ ᠪᠠᠶᠢᠭᠤᠯᠤᠯᠭ᠎ᠠ ᠨᠤᠭᠤᠳ ᠪᠣᠯᠤᠨ ᠬᠠᠮᠲᠤᠷᠠᠭᠴᠢ ᠠ‍᠂ ᠠ‍᠂ ᠨ‍᠂ ᠪᠠ‍᠂ ᠨᠤᠭᠤᠳ ᠬᠠᠮᠲᠤᠷᠠᠨ ᢈᠡᠷᠡᢉᠵᠢᢉᠦᠯᠦᠨ᠎ᠡ᠃  
  • ᠬᠣᠣᠰᠮᠠᠭ ᠰᠤᠷᠭᠠᠯᠲᠠ ᠪᠠᠷ ᠲᠧᠻᠨᠢᢉᠴᠢ ᠶ᠋ᠢᠨ ᠲᠦᠪᠰᠢᠨ ᠳ᠋ᠦ ᠓᠐ ᠣᠶᠤᠲᠠᠨ ᠰᠤᠷᠤᠯᠴᠠᠬᠤ ᠪᠠ ᠲᠡᢉᠦᠰᠦᢉᠴᠢᠳ ᠦ᠋ᠨ ᠘᠐% ᠨᠢ ᠠᠵᠢᠯ ᠤ᠋ᠨ ᠪᠠᠶᠢᠷᠢ ᠲᠠᠢ ᠪᠣᠯᠤᠭᠰᠠᠨ ᠪᠠᠶᠢᠨ᠎ᠠ᠃  
  • ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠪᠠᠭᠰᠢ ᠪᠣᠯᠤᠨ ᠦᠶᠢᠯᠡᠳᠪᠦᠷᠢ ᠶ᠋ᠢᠨ ᠳᠠᠳᠤᠯᠭᠠᠵᠢᠭᠤᠯᠤᠭᠴᠢ ᠪᠠᠭᠰᠢ ᠑᠕ (ᠲᠡᠳᠡᢉᠡᠷ ᠦ᠋ᠨ ᠘ ᠨᠢ ᠡᠮᠡᢉᠲᠡᠢ) ᢈᠦᠮᠦᠨ ᠢ᠋ ᠵᠧᠨ᠋ᠳᠧᠷ ᠦ᠋ᠨ ᠮᠡᠳᠡᠷᠡᠮᠵᠢᠲᠡᠢ ᠵᠢᠭᠠᠬᠤ ᠠᠷᠭ᠎ᠠ ᠵᠦᠢ ᠪᠡᠷ ᠪᠡᠯᠡᠳᠦᠨ᠎ᠡ᠃  
  • ᠨᠡᠶᠢᠲᠡ ᠑᠑᠕ ᠪᠤᠶᠤ ᠑᠕ ᠪᠠᠭᠰᠢ᠂ ᠕᠐ ᠠᠵᠢᠯ ᠦᢉᠡᠢ ᠢᠷᢉᠡᠳ᠂ ᠕᠐ ᠢᠨ᠋ᠵᠧᠨᠧᠷ᠂ ᠲᠧᢈᠨᠢᢉ ᠦ᠋ᠨ ᠠᠵᠢᠯᠴᠢᠳ ᠲᠤ (ᠲᠡᠳᠡᢉᠡᠷ ᠦ᠋ᠨ ᠑᠐% ᠨᠢ ᠡᠮᠡᢉᠲᠡᠢ) ᠪᠣᠭᠤᠨᠢ ᠬᠤᠭᠤᠴᠠᠭᠠᠨ ᠤ᠋ ᠰᠤᠷᠭᠠᠯᠲᠠ ᠵᠣᢈᠢᠶᠠᠨ ᠪᠠᠶᠢᠭᠤᠯᠤᠨ᠎ᠠ᠃  
  • ᠬᠣᠣᠰᠮᠠᠭ ᠰᠤᠷᠭᠠᠯᠲᠠ ᠪᠠᠷ ᠰᠤᠷᠤᠯᠴᠠᠭᠰᠠᠨ ᠖᠐ ᠣᠶᠤᠲᠠᠨ ᠠᠵᠢᠯ ᠮᠡᠷᢉᠡᠵᠢᠯ ᠳ᠋ᠦ ᠪᠡᠯᠡᠳᢈᠡᢈᠦ᠂ ᠵᠥᢉᠡᠯᠡᠨ ᠤᠷ᠎ᠠ ᠴᠢᠳᠠᠪᠤᠷᠢ ᠶ᠋ᠢᠨ ᠰᠤᠷᠭᠠᠯᠲᠠ ᠳ᠋ᠤ ᠬᠠᠮᠤᠷᠤᠭᠳᠠᠭᠰᠠᠨ ᠪᠠᠶᠢᠨ᠎ᠠ᠃  
  • ᠦᠶᠢᠯᠡᠳᠪᠦᠷᠢ ᠶ᠋ᠢᠨ ᠳᠠᠳᠤᠯᠭᠠᠵᠢᠭᠤᠯᠤᠭᠴᠢ ᠪᠠᠭᠰᠢ ᠪᠣᠯᠤᠨ ᠰᠤᠷᠭᠠᠭᠤᠯᠢ ᠶ᠋ᠢᠨ ᠪᠠᠭᠰᠢ ᠨᠡᠶᠢᠲᠡ ᠑᠕ ᢈᠦᠮᠦᠨ ᠵᠥᢉᠡᠯᠡᠨ ᠤᠷ᠎ᠠ ᠴᠢᠳᠠᠪᠤᠷᠢ ᠶ᠋ᠢᠨ ᠰᠤᠷᠭᠠᠯᠲᠠ (᠕ ᢈᠦᠷᠲᠡᠯ᠎ᠡ ᠬᠣᠨᠤᠭ) ᠲᠤ ᠬᠠᠮᠤᠷᠤᠭᠳᠠᠨ᠎ᠠ᠃  
  • ᠓᠐ ᠣᠶᠤᠲᠠᠨ (ᠵᠠᠯᠠᠭᠤᠴᠤᠳ ᠪᠠᠶᠢᠬᠤ᠂ ᠡᢉᠦᠨ ᠦ᠋ ᠑᠐% ᠡᠮᠡᢉᠲᠡᠢ ᠪᠠᠶᠢᠬᠤ) ᢈᠦᠨᠳᠦ ᠮᠠᠱᠢᠨ᠋ ᠮᠧᠬᠠᠨᠢᠰᠮ ᠤ᠋ᠨ ᠴᠢᢉᠯᠡᠯ ᠢ᠋ᠶᠡᠷ ᠓ ᢈᠦᠷᠲᠡᠯᠡᢈᠢ ᠵᠢᠯ ᠦ᠋ᠨ ᠬᠤᠭᠤᠴᠠᠭᠠᠨ ᠳ᠋ᠤ ᠬᠣᠣᠰᠮᠠᠭ ᠰᠤᠷᠭᠠᠯᠲᠠ ᠳ᠋ᠤ ᠬᠠᠮᠤᠷᠤᠭᠳᠠᠭᠰᠠᠨ ᠪᠠᠶᠢᠨ᠎ᠠ᠃  
  • ᠲᠧᠻᠨᠢᢉᠴᠢ ᠶ᠋ᠢᠨ ᠲᠦᠪᠰᠢᠨ ᠦ᠋ ᠓᠐ ᠣᠶᠤᠲᠠᠨ ᢈᠦᠮᠦᠨ ᠳ᠋ᠦ ᠮᠠᠱᠢᠨ᠋ ᠮᠧᠬᠠᠨᠢᠰᠮ ᠤ᠋ᠨ ᠴᠢᢉᠯᠡᠯ ᠢ᠋ᠶᠡᠷ ᠓ ᢈᠦᠷᠲᠡᠯᠡᢈᠢ ᠵᠢᠯ ᠦ᠋ᠨ ᠬᠤᠭᠤᠴᠠᠭᠠᠨ ᠳ᠋ᠤ ᠬᠣᠣᠰᠮᠠᠭ ᠰᠤᠷᠭᠠᠯᠲᠠ ᠳ᠋ᠤ ᠬᠠᠮᠤᠷᠤᠭᠳᠠᠭᠰᠠᠨ ᠪᠠᠶᠢᠨ᠎ᠠ᠃
  • ᠬᠣᠣᠰᠮᠠᠭ ᠰᠤᠷᠭᠠᠯᠲᠠ ᠳ᠋ᠤ ᠬᠠᠮᠤᠷᠤᠭᠳᠠᠬᠤ ᠡᠯᠰᠡᢉᠴᠢᠳ ᠦ᠋ᠨ ᠲᠣᠭ᠎ᠠ ᠒᠐% ᠪᠠᠷ ᠥᠰᠦᢉᠰᠡᠨ ᠪᠠᠶᠢᠨ᠎ᠠ᠃  
  • ᠠᠬᠠᠯᠠᠬᠤ ᠰᠤᠷᠭᠠᠭᠤᠯᠢ ᠶ᠋ᠢᠨ ᠒᠐᠐ ᠰᠤᠷᠤᠭᠴᠢᠳ (ᠲᠡᠳᠡᢉᠡᠷ ᠦ᠋ᠨ ᠕᠐% ᠨᠢ ᠡᠮᠡᢉᠲᠡᠢ) ᢈᠦᠨᠳᠦ ᠮᠠᠱᠢᠨ᠋ ᠮᠧᠬᠠᠨᠢᠰᠮ ᠤ᠋ᠨ ᠰᠠᠯᠪᠤᠷᠢ ᠳ᠋ᠤ ᢈᠥᠳᠡᠯᠮᠦᠷᠢ ᠡᠷᢈᠢᠯᠡᢈᠦ ᠪᠣᠯᠤᠮᠵᠢ ᠶ᠋ᠢᠨ ᠲᠠᠯᠠᠭᠠᠷᢈᠢ ᠮᠡᠳᠡᢉᠡᠯᠡᠯ ᠢ᠋ ᠠᠪᠤᠭᠰᠠᠨ ᠪᠠᠶᠢᠨ᠎ᠠ᠃  
  • ᠰᠤᠷᠭᠠᠯᠲᠠ ᠶ᠋ᠢᠨ ᠒ ᠪᠠᠶᠢᠭᠤᠯᠤᠯᠭ᠎ᠠ ᠬᠣᠣᠰᠮᠠᠭ ᠰᠤᠷᠭᠠᠯᠲᠠ ᠳ᠋ᠤ ᠬᠠᠮᠤᠷᠤᠭᠳᠠᠬᠤ ᠣᠶᠤᠲᠠᠨ ᠤ᠋ ᠲᠣᠭᠲᠠᠪᠤᠷᠢᠲᠠᠢ ᠮᠧᠨᠧᠵᠮᠧᠨ᠋ᠲ ᠦ᠋ᠨ ᢈᠥᠲᠦᠯᠪᠦᠷᠢ ᠲᠡᠢ ᠪᠣᠯᠤᠭᠰᠠᠨ ᠪᠠᠶᠢᠬᠤ ᠶᠤᠮ ᠪᠠᠶᠢᠨ᠎ᠠ᠃