Хаах

«ᠲᠠᠪᠯᠧᠲ ᠲᠠᠢ ᠪᠠᠭᠰᠢ» ᠠᠷᠤᠬᠠᠩᠭᠠᠢ ᠳ᠋ᠤ ᢈᠡᠷᠡᢉᠵᠢᠵᠦ ᠡᢈᠢᠯᠡᠯ᠎ᠡ

A- A A+
«ᠲᠠᠪᠯᠧᠲ ᠲᠠᠢ ᠪᠠᠭᠰᠢ» ᠠᠷᠤᠬᠠᠩᠭᠠᠢ ᠳ᠋ᠤ ᢈᠡᠷᠡᢉᠵᠢᠵᠦ ᠡᢈᠢᠯᠡᠯ᠎ᠡ

ᠠᠷᠤᠬᠠᠩᠭᠠᠢ ᠠᠶᠢᠮᠠᠭ ᠤ᠋ᠨ ᠑᠙ ᠰᠤᠮᠤ ᠶ᠋ᠢᠨ ᠠᠯᠤᠰᠯᠠᠭᠳᠠᠭᠰᠠᠨ ᢈᠥᠳᠡᢉᠡᠨ ᠦ᠋ ᠪᠠᠭ ᠤ᠋ᠨ ᠑᠑᠗᠐ ᠭᠠᠷᠤᠢ ᢈᠡᠦᢈᠡᠳ᠂ ᢉᠡᠷ ᠪᠦᠯᠢ «ᠲᠠᠪᠯᠧᠲ ᠲᠠᠢ ᠪᠠᠭᠰᠢ» ᠰᠠᠨᠠᠭᠠᠴᠢᠯᠭ᠎ᠠ ᠳ᠋ᠤ ᠨᠢᢉᠡᠳᠴᠦ᠂ ᢉᠡᠷ ᠪᠦᠯᠢ ᠶ᠋ᠢᠨ ᠣᠷᠴᠢᠨ ᠳ᠋ᠤ ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠤ᠋ᠨ ᠦᠢᠯᠡᠴᠢᠯᠡᢉᠡᠨ ᠳ᠋ᠦ ᠬᠠᠮᠤᠷᠤᠭᠳᠠᠬᠤ ᠪᠣᠯᠤᠯ᠎ᠠ᠃

ᠲᠤᠰ ᠠᠶᠢᠮᠠᠭ ᠲᠤ «ᠲᠠᠪᠯᠧᠲ ᠲᠠᠢ ᠪᠠᠭᠰᠢ» ᠰᠠᠨᠠᠭᠠᠴᠢᠯᠭ᠎ᠠ ᠶ᠋ᠢ ᠡᢈᠢᠯᠡᢉᠦᠯᠵᠦ᠂ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ᠂ ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠬᠠ‍᠂ ᠪᠠᠲᠤᠵᠢᠷᠭᠠᠯ᠂ ᠪᠣᠯᠪᠠᠰᠤᠷᠠᠯ ᠤ᠋ᠨ ᠨᠢᢉᠡᠳᠦᢉᠰᠡᠨ ᠪᠣᠳᠤᠯᠭ᠎ᠠ ᠲᠥᠯᠦᠪᠯᠡᠯᠲᠡ ᠶ᠋ᠢᠨ ᠭᠠᠵᠠᠷ ᠤ᠋ᠨ ᠳᠠᠷᠤᠭ᠎ᠠ ᠫ‍᠂ ᠣᠶᠤᠨ᠋ ᠠ᠋᠂ᠰᠠᠶᠢᠳ ᠤ᠋ᠨ ᠵᠥᠪᠯᠡᢈᠦ ᠳ‍᠂ ᠭᠠᠩᠲᠤᠯᠭ᠎ᠠ᠂ ᠠᠷᠤᠬᠠᠩᠭᠠᠢ ᠠᠶᠢᠮᠠᠭ ᠤ᠋ᠨ ᠵᠠᠰᠠᠭ ᠳᠠᠷᠤᠭ᠎ᠠ ᠪ‍‍᠂ ᠴᠡᠷᠢᠩᠨᠠᠳᠮᠢᠳ᠂ ᠪᠣᠯᠪᠠᠰᠤᠷᠠᠯ ᠤ᠋ᠨ ᠭᠠᠵᠠᠷ ᠤ᠋ᠨ ᠳᠠᠷᠤᠭ᠎ᠠ ᠴ᠂ᠮᠥᠩᢈᠡᠪᠠᠲᠤ ᠨᠠᠷ ᠬᠤᠪᠢᠯᠪᠤᠷᠢ ᠳ᠋ᠤ ᠰᠤᠷᠭᠠᠯᠲᠠ ᠶ᠋ᠢᠨ ᠪᠠᠭᠰᠢ ᠨᠠᠷ ᠪᠣᠯᠤᠨ ᢉᠡᠷ ᠪᠦᠯᠢ ᠳ᠋ᠦ ᠪᠠᠭ᠎ᠠ ᠨᠠᠰᠤᠨ ᠤ᠋ ᢈᠡᠦᢈᠡᠳ ᠦ᠋ᠨ ᢈᠥᢉᠵᠢᠯ ᠪᠣᠯᠪᠠᠰᠤᠷᠠᠯ ᠢ᠋ ᠳᠡᠮᠵᠢᢈᠦ ᠲᠠᠪᠯᠧᠲ ᠲᠤ ᠰᠠᠭᠤᠷᠢᠯᠠᠭᠰᠠᠨ ᠰᠤᠷᠭᠠᠯᠲᠠ ᠶ᠋ᠢᠨ ᠪᠠᠭᠴᠠ ᠶ᠋ᠢ ᢈᠦᠯᠢᠶᠡᠯᢉᠡᠨ ᠥᢉᢉᠦᠯ᠎ᠡ᠃

ᠪᠣᠯᠪᠠᠰᠤᠷᠠᠯ ᠤ᠋ᠨ ᠶᠠᠮᠤᠨ᠂ ᠪᠣᠯᠪᠠᠰᠤᠷᠠᠯ ᠤ᠋ᠨ ᠶᠡᠷᠦᠩᢈᠡᠢ ᠭᠠᠵᠠᠷ᠂ ᠨᠢ‍᠂ ᠦ‍᠂ ᠪᠠ‍᠂ ᠶ᠋ᠢᠨ ᢈᠡᠦᢈᠡᠳ ᠦ᠋ᠨ ᠰᠠᠩ ᠲᠠᠢ ᠬᠠᠮᠲᠤᠷᠠᠨ ᠒᠐᠒᠓ ᠣᠨ ᠠ᠋ᠴᠠ «ᠲᠠᠪᠯᠧᠲ ᠲᠠᠢ ᠪᠠᠭᠰᠢ» ᠰᠠᠨᠠᠭᠠᠴᠢᠯᠭ᠎ᠠ ᠶ᠋ᠢ ᢈᠡᠷᠡᢉᠵᠢᢉᠦᠯᠵᠦ ᠪᠠᠶᠢᠭ᠎ᠠ ᠪᠢᠯᠡ᠃  

ᠪᠣᠯᠪᠠᠰᠤᠷᠠᠯ ᠤ᠋ᠨ ᠶᠡᠷᠦᠩᢈᠡᠢ ᠭᠠᠵᠠᠷ ᠠ᠋ᠴᠠ ᠲᠤᠰ ᠰᠠᠨᠠᠭᠠᠴᠢᠯᠭ᠎ᠠ ᠳ᠋ᠤ ᠨᠢᢉᠡᠳᠴᠦ ᠪᠤᠢ ᠠᠶᠢᠮᠠᠭ ᠤ᠋ᠳ ᠢ᠋ ᠮᠡᠷᢉᠡᠵᠢᠯ ᠠᠷᠭ᠎ᠠ ᠵᠦᠢ ᠶ᠋ᠢᠨ ᠲᠠᠯ᠎ᠠ ᠪᠠᠷ ᠴᠢᢉᠯᠡᢉᠦᠯᠵᠦ᠂ ᠮᠡᠳᠡᢉᠡᠯᠡᠯ ᠬᠠᠷᠢᠯᠴᠠᠭᠠᠨ ᠤ᠋ ᠰᠢᠨᠡᠯᠢᢉ ᠲᠧᠻᠨᠣᠯᠣᢉᠢ ᠳ᠋ᠤ ᠰᠠᠭᠤᠷᠢᠯᠠᠭᠰᠠᠨ ᠰᠤᠷᠭᠠᠯᠲᠠ ᠶ᠋ᠢᠨ ᠤᠬᠠᠭᠠᠯᠢᠭ ᠪᠠᠭᠴᠠ ᠶ᠋ᠢ ᠪᠣᠯᠪᠠᠰᠤᠷᠠᠭᠤᠯᠤᠨ ᠲᠦᢉᠡᢉᠡᠵᠦ ᠪᠠᠶᠢᠨ᠎ᠠ᠃

᠒᠐᠒᠕ ᠣᠨ ᠳ᠋ᠤ ᠲᠠᠪᠯᠧᠲ ᠲᠠᠢ ᠪᠠᠭᠰᠢ ᠰᠠᠨᠠᠭᠠᠴᠢᠯᠭ᠎ᠠ ᠶ᠋ᠢᠨ ᢈᠦᠷᠢᠶ᠎ᠡ ᠶ᠋ᠢ ᠥᠷᢉᠡᠵᠢᢉᠦᠯᢈᠦ ᠵᠣᠷᠢᠯᠭ᠎ᠠ ᠪᠠᠷ ᠨᠢ‍᠂ ᠦ‍᠂ ᠪᠠ‍᠂ ᠶ᠋ᠢᠨ ᢈᠡᠦᢈᠡᠳ ᠦ᠋ᠨ ᠰᠠᠩ ᠠ᠋ᠴᠠ ᠒᠐᠒᠔ ᠣᠨ ᠤ᠋ ᠑᠑ ᠰᠠᠷ᠎ᠠ ᠳ᠋ᠤ ᠵᠣᢈᠢᠶᠠᠨ ᠪᠠᠶᠢᠭᠤᠯᠤᠭᠰᠠᠨ ᢈᠥᠷᠦᠩᢉᠡ ᠪᠣᠰᠬᠠᠬᠤ ᠠᠷᠭ᠎ᠠ ᢈᠡᠮᠵᠢᠶᠡᠨ ᠳ᠋ᠦ ᠣᠷᠤᠯᠴᠠᠭᠰᠠᠨ ᠬᠤᠪᠢ ᠶ᠋ᠢᠨ ᢈᠡᠪᠰᠢᠯ ᠦ᠋ᠨ ᢈᠢᠨ᠂ ᠦᠨᠳᠦᠰᠦᠨ ᠦ᠋ ᠦᠢᠯᠡᠳᠪᠦᠷᠢᠯᠡᢉᠴᠢᠳ ᠦ᠋ᠨ ᠬᠠᠨᠳᠢᠪ᠂ ᢈᠥᠷᠦᠩᢉᠡ ᠣᠷᠤᠭᠤᠯᠤᠯᠲᠠ ᠴᠢᠬᠤᠯᠠ ᠬᠤᠪᠢ ᠨᠡᠮᠡᠷᠢ ᠪᠣᠯᠵᠡᠢ᠃