ᠪᠣᠯᠪᠠᠰᠤᠷᠠᠯ ᠤ᠋ᠨ ᠶᠠᠮᠤᠨ ᠤ᠋ ᠬᠠᠷᠢᠶᠠ «ᠢᠨ᠋ᠵᠧᠨᠧᠷ᠂ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᠪᠠᠻᠠᠯᠠᠸᠷ ᠤ᠋ᠨ ᠬᠠᠮᠲᠤᠷᠠᠭᠰᠠᠨ ᢈᠥᠲᠦᠯᠪᠦᠷᠢ ᠪᠣᠯᠤᠨ ᠬᠠᠮᠲᠤᠷᠠᠭᠰᠠᠨ ᠰᠤᠳᠤᠯᠭᠠ ᢈᠥᠲᠦᠯᠪᠦᠷᠢ ᠶ᠋ᠢᠨ ᢈᠦᠷᠢᠶᠡᠨ ᠳ᠋ᠦ ᠰᠤᠷᠭᠠᠯᠲᠠ᠂ ᠰᠤᠳᠤᠯᠭᠠᠨ ᠤ᠋ ᠲᠣᠨᠤᠭ ᠲᠥᢈᠦᢉᠡᠷᠦᠮᠵᠢ ᠶ᠋ᠢᠨ ᠬᠤᠳᠠᠯᠳᠤᠨ ᠠᠪᠬᠤ ᠠᠵᠢᠯᠯᠠᠭᠠ ᠦᠶᠡ ᠱᠠᠲᠤ ᠲᠠᠢ ᠪᠠᠷ ᠵᠣᢈᠢᠶᠠᠨ ᠪᠠᠶᠢᠭᠤᠯᠤᠭᠳᠠᠠᠵᠤ ᠢᠷᠡᢉᠰᠡᠨ᠃
ᠡᠨᠡ ᠤᠳᠠᠭᠠ ᠳ᠋ᠤ ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠶᠡᢈᠡ ᠰᠤᠷᠭᠠᠭᠤᠯᠢ ᠶ᠋ᠢᠨ ᠢᠨ᠋ᠵᠧᠨᠧᠷ ᠦ᠋ᠨ ᠰᠤᠷᠭᠠᠯᠲᠠ ᠶ᠋ᠢᠨ ᠴᠠᢈᠢᠮ ᠻᠣᠨ᠋ᠲ᠋ᠧᠨ᠋ᠲ ᠢ᠋ ᠪᠣᠯᠪᠠᠰᠤᠷᠠᠭᠤᠯᠬᠤ᠂ᠴᠠᢈᠢᠮ ᠰᠤᠷᠭᠠᠯᠲᠠ ᠶ᠋ᠢ ᠳᠡᠮᠵᠢᢈᠦ ᠵᠣᠷᠢᠯᠭᠠ ᠪᠠᠷ ᠓᠙᠕᠂᠔᠙᠔ ᠠᠮ᠂ ᠳ᠋ᠣᠯᠯᠠᠷ ᠤ᠋ᠨ ᠦᠨᠡ ᠪᠦᢈᠦᠢ ᠖᠓ ᠨᠡᠷᠡ ᠲᠥᠷᠦᠯ ᠦ᠋ᠨ ᠔᠒᠘ ᠰᠢᠷᢈᠡᢉ ᠲᠣᠨᠤᠭ ᠲᠥᢈᠦᢉᠡᠷᠦᠮᠵᠢ ᠪᠣᠯᠤᠨ ᠯᠠᠪᠣᠷᠠᠲ᠋ᠣᠷᠢ ᠶ᠋ᠢ ᠠᠯᠪᠠᠨ ᠶᠣᠰᠤᠭᠠᠷ ᢈᠦᠯᠢᠶᠡᠯᢉᠡᠨ ᠥᢉᢉᠦᠯᠡ᠃
ᠲᠥᠰᠦᠯ ᠦ᠋ᠨ ᢈᠡᠷᠡᢉᠵᠢᢈᠦ ᠬᠤᠭᠤᠴᠠᠭᠠᠨ ᠳ᠋ᠤ ᠯᠠᠪᠣᠷᠠᠲ᠋ᠣᠷᠢ ᠶ᠋ᠢᠨ ᠲᠣᠨᠤᠭ ᠲᠥᢈᠦᢉᠡᠷᠦᠮᠵᠢ ᠬᠤᠳᠠᠯᠳᠤᠨ ᠠᠪᠬᠤ ᠠᠵᠢᠯᠯᠠᠭᠠ ᠶ᠋ᠢ ᠓ ᠶᠡᢈᠡ ᠰᠤᠷᠭᠠᠭᠤᠯᠢ ᠶ᠋ᠢᠨ ᢈᠡᠷᠡᢉᠴᠡᢉᠡ᠂ ᠱᠠᠭᠠᠷᠳᠠᠯᠭᠠ ᠳ᠋ᠤ ᠦᠨᠳᠦᠰᠦᠯᠡᠨ᠂ ᠒᠐᠑᠔-᠒᠐᠒᠕ ᠣᠨ ᠨᠤᠭᠤᠳ ᠲᠤ ᠦᠶᠡ ᠱᠠᠲᠤᠲᠠᠢ ᠪᠠᠷ ᠵᠣᢈᠢᠶᠠᠨ ᠪᠠᠶᠢᠭᠤᠯᠤᠭᠰᠠᠨ ᠤ᠋ ᠦᠷᠡ ᠳ᠋ᠦᠩ ᠳ᠋ᠦ ᠮᠣᠩᠭᠣᠯ ᠤᠯᠤᠰ ᠤ᠋ᠨ ᠶᠡᢈᠡ ᠰᠤᠷᠭᠠᠭᠤᠯᠢ ᠪᠣᠯᠤᠨ ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠶᠡᢈᠡ ᠰᠤᠷᠭᠠᠭᠤᠯᠢ ᠶ᠋ᠢᠨ ᠙᠑ ᠯᠠᠪᠣᠷᠠᠲ᠋ᠣᠷᠢ ᠳ᠋ᠤ ᠨᠡᠶᠢᠲᠡ ᠑᠖᠂᠙ ᠰᠠᠶ᠋ᠢ ᠠᠮ᠂ ᠳ᠋ᠣᠯᠯᠠᠷ ᠤ᠋ᠨ ᠥᠷᠲᠡᢉ ᠪᠦᢈᠦᠢ ᠖᠘᠖ ᠨᠡᠷᠡ ᠲᠥᠷᠦᠯ ᠦ᠋ᠨ ᠓᠖᠒᠙ ᠰᠢᠷᢈᠡᢉ ᠲᠣᠨᠤᠭ ᠲᠥᢈᠦᢉᠡᠷᠦᠮᠵᠢ᠂ ᠪᠠᠭᠠᠵᠢ ᢈᠡᠷᠡᢉᠰᠡᠯ ᠢ᠋ ᠨᠡᠶᠢᠯᠡᢉᠦᠯᠦᢉᠡᠳ ᠪᠠᠶᠢᠭᠠ ᠶᠤᠮ᠃
ᠲᠣᠨᠤᠭ ᠲᠥᢈᠦᢉᠡᠷᠦᠮᠵᠢ ᠨᠦ᠋ᢉᠦᠳ ᠢ᠋ ᠰᠤᠷᠭᠠᠯᠲᠠ᠂ ᠰᠤᠳᠤᠯᠭᠠᠨ ᠳ᠋ᠤ ᠪᠠᠨ ᠠᠰᠢᠭᠯᠠᠭᠰᠠᠨ ᠢ᠋ᠶᠠᠷ ᠪᠠᠻᠠᠯᠠᠸᠷ ᠤ᠋ᠨ ᠰᠤᠷᠭᠠᠯᠲᠠ ᠶ᠋ᠢᠨ ᢈᠥᠲᠦᠯᠪᠦᠷᠢ ᠶ᠋ᠢᠨ ᠴᠢᠨᠠᠷ ᠣᠯᠠᠨ ᠤᠯᠤᠰ ᠤ᠋ᠨ ᠲᠦᠪᠰᠢᠨ ᠳ᠋ᠦ ᢈᠦᠷᢈᠦ᠂ ᠰᠤᠷᠭᠠᠯᠲᠠ ᠶ᠋ᠢᠨ ᠯᠠᠪᠣᠷᠠᠲ᠋ᠣᠷᠢ ᠨᠤᠭᠤᠳ ᠰᠢᠨᠡ ᠪᠡᠷ ᠪᠠᠶᠢᠭᠤᠯᠤᠭᠳᠠᠵᠤ ᠪᠠᠭᠰᠢ ᠨᠠᠷ ᠣᠶᠤᠲᠠᠨ ᠨᠤᠭᠤᠳ ᠲᠠᠭᠠᠨ ᠲᠤᠬᠠᠢ ᠶ᠋ᠢᠨ ᠲᠣᠨᠤᠭ ᠲᠥᢈᠦᢉᠡᠷᠦᠮᠵᠢ᠂ ᠪᠠᠭᠠᠵᠢ ᢈᠡᠷᠡᢉᠰᠡᠯ ᠦ᠋ᠳ ᠢ᠋ ᢈᠡᠷᢈᠢᠨ ᠶᠠᠭᠠᢈᠢᠵᠤ ᠠᠰᠢᠭᠯᠠᠬᠤ ᠳᠠᠳᠤᠯᠭᠠ ᢈᠢᢈᠦ᠂ ᠣᠶᠤᠲᠠᠨ ᠨᠤᠭᠤᠳ ᠣᠨᠤᠯ ᠤ᠋ᠨ ᠮᠡᠳᠡᠯᢉᠡ ᠪᠡᠨ ᠪᠠᠲᠤᠳᠬᠠᠨ ᠲᠤᠷᠰᠢᠯᠲᠠ᠂ ᠰᠤᠳᠤᠯᠭᠠ ᠶ᠋ᠢ ᠪᠡᠶᠡ ᠳᠠᠭᠠᠭᠠᠨ ᢈᠢᢈᠦ ᠪᠣᠯᠤᠮᠵᠢ ᠪᠦᠷᠢᠳᠴᠦ ᠪᠠᠶᠢᠭᠠ ᠶᠤᠮ᠃