ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠪᠦᢉᠦᠳᠡ ᠨᠠᠶᠢᠷᠠᠮᠳᠠᠬᠤ ᢈᠢᠲᠠᠳ ᠠᠷᠠᠳ ᠤᠯᠤᠰ ᠤ᠋ᠨ «ᠹᠡᠨ ᠶᠢᠢ» ᠪᠣᠯᠪᠠᠰᠤᠷᠠᠯ ᠤ᠋ᠨ ᢉᠷᠦ᠋ᠫ ᠦ᠋ᠨ ᠰᠤᠷᠭᠠᠯᠲᠠ ᠬᠠᠷᠢᠭᠤᠴᠠᠭᠰᠠᠨ ᠵᠠᢈᠢᠷᠤᠯ᠂ ᢉᠷᠦ᠋ᠫ ᠦ᠋ᠨ ᠲᠡᠷᠢᢉᠦᠯᠡᢈᠦ ᠤᠳᠤᠷᠢᠳᠤᠭᠴᠢ ᠬᠠᠲᠤᠭᠲᠠᠢ ᠶᠠᠩ ᠶᠠᠩ ᠲᠡᠷᠢᢉᠦᠲᠡᠢ ᠲᠥᠯᠦᢉᠡᠯᠡᢉᠴᠢᠳ ᠢ᠋ ᢈᠦᠯᠢᠶᠡᠨ ᠠᠪᠴᠤ ᠠᠭᠤᠯᠵᠠᠯᠠ᠃
«ᠹᠡᠨ ᠶᠢᠢ» ᠪᠣᠯᠪᠠᠰᠤᠷᠠᠯ ᠤ᠋ᠨ ᢉᠷᠦ᠋ᠫ ᠨᠢ ᠑᠙᠘᠕ ᠣᠨ ᠳ᠋ᠤ ᠪᠠᠶᠢᠭᠤᠯᠤᠭᠳᠠᠵᠤ᠂ᠡᠳᠦᢉᠡ ᢈᠢᠲᠠᠳ᠂ ᠮᠠᠯᠠᠶᠢᠽ᠂ ᠰᠢᠩᠭᠠᠫᠦ᠋ᠷ᠂ ᠻᠠᠨᠠᠳᠠ ᠶ᠋ᠢᠨ ᠒᠐ ᠭᠠᠷᠤᠢ ᠬᠣᠲᠠ ᠳ᠋ᠤ ᠪᠠᠶᠢᠷᠢᠯᠠᠬᠤ ᠑᠐᠐ ᠣᠷᠴᠢᠮ ᠰᠤᠷᠭᠠᠭᠤᠯᠢ ᠳ᠋ᠤ ᠣᠯᠠᠨ ᠤᠯᠤᠰ ᠲᠤ ᢈᠦᠯᠢᠶᠡᠨ ᠵᠥᠪᠰᠢᠶᠡᠷᠡᢉᠳᠡᢉᠰᠡᠨ ᠰᠤᠷᠭᠠᠯᠲᠠ ᠶ᠋ᠢᠨ ᢈᠥᠲᠦᠯᠪᠦᠷᠢ ᠶ᠋ᠢ ᢈᠡᠷᠡᢉᠵᠢᢉᠦᠯᠳᠡᢉ ᠪᠠᠶᠢᠭᠤᠯᠤᠯᠭᠠ ᠶᠤᠮ᠃
ᠠᠭᠤᠯᠵᠠᠯᠲᠠ ᠪᠠᠷ ᠬᠠᠲᠤᠭᠲᠠᠢ ᠶᠠᠩ ᠶᠠᠩ ᠥᠪᠡᠷ ᠦ᠋ᠨ ᠪᠠᠶᠢᠭᠤᠯᠤᠯᠭᠠ ᠶ᠋ᠢᠨ ᠦᠶᠢᠯᠡ ᠠᠵᠢᠯᠯᠠᠭᠠᠨ ᠤ᠋ ᠲᠠᠯ ᠠ᠋ ᠪᠠᠷ ᠲᠠᠨᠢᠯᠴᠠᠭᠤᠯᠤᠨ᠂ «ᠹᠡᠨ ᠶᠢᠢ» ᠪᠣᠯᠪᠠᠰᠤᠷᠠᠯ ᠤ᠋ᠨ ᢉᠷᠦ᠋ᠫ ᠨᠢ ᠰᠢᠨᠡ ᠶ᠋ᠢ ᠰᠠᠨᠠᠭᠠᠴᠢᠯᠠᠭᠴᠢ᠂ ᠪᠦᠲᠦᢉᠡᠯᠴᠢ᠂ ᠵᠥᠪ ᠲᠥᠯᠦᠪᠰᠢᠯ ᠲᠡᠢ ᠳᠡᠯᠡᢈᠡᠢ ᠶ᠋ᠢᠨ ᠢᠷᢉᠡᠨ ᠢ᠋ ᠪᠡᠯᠡᠳᢈᠡᢈᠦ ᠵᠣᠷᠢᠯᠭᠠ ᠶ᠋ᠢᠨ ᠢ᠋ᠶᠠᠨ ᢈᠦᠷᠢᠶᠡᠨ ᠳ᠋ᠦ ᠰᠤᠷᠤᠭᠴᠢᠳ ᠲᠤ ᢈᠢᠲᠠᠳ ᠪᠣᠯᠤᠨ ᠪᠠᠷᠠᠭᠤᠨ ᠤ᠋ ᠪᠣᠯᠪᠠᠰᠤᠷᠠᠯ ᠤ᠋ᠨ ᠰᠢᠰᠲ᠋ᠧᠮ ᠢ᠋ ᠬᠣᠣᠰᠯᠠᠭᠤᠯᠤᠭᠰᠠᠨ᠂ ᠴᠢᠨᠠᠷᠲᠠᠢ ᠪᠣᠯᠪᠠᠰᠤᠷᠠᠯ ᠣᠯᠭᠤᠬᠤ ᠶ᠋ᠢ ᠡᠷᢈᠢᠮᠯᠡᠳᠡᢉ ᢉᠡᠳᠡᢉ ᠢ᠋ ᠳᠤᠷᠠᠳᠤᠭᠰᠠᠨ᠃ ᠮᠥᠨ «ᠹᠡᠨ ᠶᠢᠢ» ᠪᠣᠯᠪᠠᠰᠤᠷᠠᠯ ᠤ᠋ᠨ ᢉᠷᠦ᠋ᠫ ᠨᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ᠂ ᠰᠤᠷᠤᠭᠴᠢ ᠶ᠋ᠢᠨ ᠰᠣᠯᠢᠯᠴᠠᠭᠠ ᠶ᠋ᠢ ᠵᠣᢈᠢᠶᠠᠨ ᠪᠠᠶᠢᠭᠤᠯᠬᠤ᠂ ᠮᠣᠩᠭᠣᠯ ᠤᠯᠤᠰ ᠤ᠋ᠨ ᢈᠢᠲᠠᠳ ᢈᠡᠯᠡᠨ ᠦ᠋ ᠰᠤᠷᠭᠠᠯᠲᠠ ᠲᠠᠢ ᠰᠤᠷᠭᠠᠭᠤᠯᠢ ᠨᠤᠭᠤᠳ ᠲᠠᠢ ᠬᠣᠯᠪᠤᠭᠠ ᠲᠣᠭᠲᠠᠭᠠᠨ ᠬᠠᠮᠲᠤᠷᠠᠨ ᠠᠵᠢᠯᠯᠠᠬᠤ᠂ ᠥᠪᠡᠷ ᠦ᠋ᠨ ᠰᠤᠷᠭᠠᠭᠤᠯᠢ ᠶ᠋ᠢ ᠮᠣᠩᠭᠣᠯ ᠤᠯᠤᠰ ᠲᠤ ᠪᠠᠶᠢᠭᠤᠯᠬᠤ ᠵᠣᠷᠢᠯᠭᠠ ᠲᠠᠯᠪᠢᠵᠤ ᠪᠠᠶᠢᠭᠠ ᠪᠠᠨ ᠢᠯᠡᠷᢈᠡᠶᠢᠯᠡᠯᠡ᠃
ᠰᠠᠶᠢᠳ ᠫᠦ᠂ ᠨᠠᠷᠠᠨᠪᠠᠶᠠᠷ ᠮᠣᠩᠭᠣᠯ ᠤᠯᠤᠰ ᠤ᠋ᠨ ᠪᠣᠯᠪᠠᠰᠤᠷᠠᠯ ᠤ᠋ᠨ ᠶᠠᠮᠤᠨ ᠹᠡᠨ ᠶᠢᠢ ᠪᠣᠯᠪᠠᠰᠤᠷᠠᠯ ᠤ᠋ᠨ ᢉᠷᠦ᠋ᠫ ᠲᠡᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ᠂ ᠰᠤᠷᠤᠭᠴᠢ ᠶ᠋ᠢᠨ ᠰᠣᠯᠢᠯᠴᠠᠭᠠ ᠶ᠋ᠢ ᠵᠣᢈᠢᠶᠠᠨ ᠪᠠᠶᠢᠭᠤᠯᠬᠤ ᠳ᠋ᠤ ᠬᠠᠮᠲᠤᠷᠠᠨ ᠠᠵᠢᠯᠯᠠᠬᠤ ᠪᠠᠨ ᠲᠡᠮᠳᠡᢉᠯᠡᠨ᠂ ᠮᠣᠩᠭᠣᠯ ᠤᠯᠤᠰ ᠤ᠋ᠨ ᠪᠣᠯᠪᠠᠰᠤᠷᠠᠯ ᠤ᠋ᠨ ᠰᠲ᠋ᠠᠨ᠋ᠳᠠᠷᠲ᠂ ᠵᠣᢈᠢᠬᠤ ᠵᠢᠷᠤᠮ ᠤ᠋ᠨ ᠱᠠᠭᠠᠷᠳᠠᠯᠭᠠ ᠶ᠋ᠢ ᠬᠠᠩᠭᠠᠨ᠂ ᠶᠡᠷᠦᠩᢈᠡᠢ ᠪᠣᠯᠪᠠᠰᠤᠷᠠᠯ ᠤ᠋ᠨ ᠰᠤᠷᠭᠠᠯᠲᠠ ᠶ᠋ᠢᠨ ᠦᠢᠯᠡ ᠠᠵᠢᠯᠯᠠᠭᠠ ᠡᠷᢈᠢᠯᠡᢈᠦ ᠲᠤᠰᠬᠠᠢ ᠵᠥᠪᠰᠢᠶᠡᠷᠡᠯ ᠠᠪᠬᠤ ᠱᠠᠭᠠᠷᠳᠠᠯᠭᠠᠲᠠᠢ ᠶ᠋ᠢ ᠵᠥᠪᠯᠡᠪᠡ᠃