Хаах

ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠦᠢᠯᠡ ᠠᠵᠢᠯᠯᠠᠭᠠᠨ ᠤ᠋ ᢉᠦᠢᠴᠡᠳᢈᠡᠯ᠂ ᠴᠢᠨᠠᠷ᠂ ᠦᠷ᠎ᠡ ᠳ᠋ᠦᠩ ᠦ᠋ᠨ ᠦᠨᠡᠯᠡᢉᠡ ᠒᠑ ᠠᠶᠢᠮᠠᠭ᠂ ᠨᠡᠶᠢᠰᠯᠡᠯ ᠳ᠋ᠦ ᠨᠢᢉᠡᠨ ᠵᠡᠷᢉᠡ ᠡᢈᠢᠯᠡᠯ᠎ᠡ

A- A A+
ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠦᠢᠯᠡ ᠠᠵᠢᠯᠯᠠᠭᠠᠨ ᠤ᠋ ᢉᠦᠢᠴᠡᠳᢈᠡᠯ᠂ ᠴᠢᠨᠠᠷ᠂ ᠦᠷ᠎ᠡ ᠳ᠋ᠦᠩ ᠦ᠋ᠨ ᠦᠨᠡᠯᠡᢉᠡ ᠒᠑ ᠠᠶᠢᠮᠠᠭ᠂ ᠨᠡᠶᠢᠰᠯᠡᠯ ᠳ᠋ᠦ ᠨᠢᢉᠡᠨ ᠵᠡᠷᢉᠡ ᠡᢈᠢᠯᠡᠯ᠎ᠡ

ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠦᠢᠯᠡ ᠠᠵᠢᠯᠯᠠᠭᠠᠨ ᠤ᠋ ᢉᠦᠢᠴᠡᠳᢈᠡᠯ᠂ ᠴᠢᠨᠠᠷ᠂ ᠦᠷ᠎ᠡ ᠳ᠋ᠦᠩ ᠦ᠋ᠨ ᠦᠨᠡᠯᠡᢉᠡ ᠒᠑ ᠠᠶᠢᠮᠠᠭ᠂ ᠨᠡᠶᠢᠰᠯᠡᠯ ᠳ᠋ᠦ ᠨᠢᢉᠡᠨ ᠵᠡᠷᢉᠡ ᠡᢈᠢᠯᠡᠯ᠎ᠡ᠃

ᢉᠦᠢᠴᠡᠳᢈᠡᠯ ᠦ᠋ᠨ ᠦᠨᠡᠯᠡᢉᠡ ᠶ᠋ᠢ ᠪᠣᠯᠪᠠᠰᠤᠷᠠᠯ ᠤ᠋ᠨ ᠶᠠᠮᠤᠨ᠂ ᠪᠣᠯᠪᠠᠰᠤᠷᠠᠯ ᠤ᠋ᠨ ᠶᠡᠷᠦᠩᢈᠡᠢ ᠭᠠᠵᠠᠷ᠂ ᠪᠣᠯᠪᠠᠰᠤᠷᠠᠯ ᠤ᠋ᠨ ᠦᠨᠡᠯᠡᢉᠡᠨ ᠦ᠋ ᠲᠥᠪ ᠬᠠᠮᠲᠤᠷᠠᠨ ᠨᠢᢉᠡᠳᠦᢉᠰᠡᠨ ᠤᠳᠤᠷᠢᠳᠤᠯᠭ᠎ᠠ ᠪᠠᠷ ᠬᠠᠩᠭᠠᠵᠤ᠂ ᠠᠶᠢᠮᠠᠭ᠂ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ ᠠ᠋ᠴᠠ ᠲᠣᠮᠢᠯᠠᠭᠰᠠᠨ ᠦᠨᠡᠯᠡᢉᠡᠨ ᠦ᠋ ᠪᠠᠭ ᠵᠣᢈᠢᠶᠠᠨ ᠪᠠᠶᠢᠭᠤᠯᠵᠤ᠂ ᠲᠥᠷᠦ ᠶ᠋ᠢᠨ ᠥᠮᠴᠢ ᠶ᠋ᠢᠨ ᠓᠑ ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠬᠠᠮᠤᠷᠤᠭᠳᠠᠨ᠎ᠠ᠃

ᠦᠨᠡᠯᠡᢉᠡᠨ ᠦ᠋ ᠠᠷᠭᠠᠴᠢᠯᠠᠯ᠂ ᠰᠢᠯᠭᠠᠭᠤᠷ ᠤ᠋ᠨ ᠳᠠᠭᠠᠭᠤ ᠥᠨᠦᠳᠦᠷ ᠰᠤᠷᠤᠯᠴᠠᠭᠴᠢ ᠶ᠋ᠢᠨ ᠴᠢᠳᠠᠮᠵᠢ ᠶ᠋ᠢᠨ ᠦᠨᠡᠯᠡᢉᠡ ᠣᠨᠤᠯ᠂ ᠤᠷ᠎ᠠ ᠴᠢᠳᠠᠪᠤᠷᠢ ᠶ᠋ᠢᠨ ᠦᠨᠡᠯᠡᢉᠡ ᠪᠡᠷ ᠡᢈᠢᠯᠡᠯ᠎ᠡ᠃  

ᠦᠨᠡᠯᠡᢉᠡ ᠶ᠋ᠢ exam.eec.mn ᠰᠢᠰᠲ᠋ᠧᠮ ᠢ᠋ᠶᠡᠷ ᠠᠭᠤᠯᠠ ᠠᠭᠤᠷᠬᠠᠢ ᠶ᠋ᠢᠨ ᠮᠠᠱᠢᠨ ᠮᠧᠬᠠᠨᠢᠰᠮ ᠤ᠋ᠨ ᠤᠭᠰᠠᠷᠠᠯᠲᠠ ᠵᠠᠰᠠᠪᠤᠷᠢ᠂ ᠦᠢᠯᠡᠴᠢᠯᠡᢉᠡ᠂ ᠪᠠᠷᠢᠯᠭ᠎ᠠ ᠪᠦᠲᠦᢉᠡᠴᠡ᠂ ᠤᠭᠰᠠᠷᠠᠯᠲᠠ᠂ ᠴᠠᢈᠢᠯᠭᠠᠨ ᠬᠠᠩᠭᠠᠮᠵᠢ᠂ ᠲᠣᠨᠤᠭ ᠲᠥᢈᠦᢉᠡᠷᠦᠮᠵᠢ ᠶ᠋ᠢᠨ ᠠᠰᠢᠭᠯᠠᠯᠲᠠ᠂ ᠮᠧᠬᠠᠨᠢᠬᠵᠢᠭᠰᠠᠨ ᠲᠡᢉᠡᢉᠡᠪᠦᠷᠢ ᠶ᠋ᠢᠨ ᢈᠡᠷᠡᢉᠰᠡᠯ᠂ ᠮᠧᠬᠠᠨᠢᠰᠮ ᠤ᠋ᠨ ᠵᠠᠰᠠᠪᠤᠷᠢ᠂ ᠦᠢᠯᠡᠴᠢᠯᠡᢉᠡ ᠮᠡᠷᢉᠡᠵᠢᠯ ᠢ᠋ᠶᠡᠷ ᠡᢈᠢᠯᠡᢉᠦᠯᠦᠯ᠎ᠡ᠃ ᠤᠷ᠎ᠠ ᠴᠢᠳᠠᠪᠤᠷᠢ ᠶ᠋ᠢᠨ ᠦᠨᠡᠯᠡᢉᠡᠨ ᠳ᠋ᠦ ᠠᠵᠢᠯ ᠣᠯᠭᠤᠭᠴᠢ᠂ ᠦᠨᠡᠯᠡᢉᠡᠨ ᠦ᠋ ᠠᠵᠢᠯᠲᠠᠨ ᠨᠤᠭᠤᠳ ᠲᠡᢉᠦᠪᠦᠷᠢ ᠳ᠋ᠦ ᠰᠣᠩᠭᠤᠭᠳᠠᠭᠰᠠᠨ ᠰᠤᠷᠤᠯᠴᠠᠭᠴᠢ ᠶ᠋ᠢᠨ ᠴᠢᠳᠠᠮᠵᠢ ᠶ᠋ᠢ ᠦᠨᠡᠯᠡᠨ ᠣᠷᠤᠯᠴᠠᠵᠤ ᠪᠠᠶᠢᠨ᠎ᠠ᠃