Хаах

ᠮᠠᠲ᠋ᠧᠮᠠᠲ᠋ᠢᠭ ᠤ᠋ᠨ ᠣᠯᠢᠮᠫᠢᠶᠠᠳ᠋ ᠢ᠋ ᠮᠣᠩᠭᠣᠯ ᠳ᠋ᠤ ᠠᠩᠬ᠎ᠠ ᠵᠣᢈᠢᠶᠠᠨ ᠪᠠᠶᠢᠭᠤᠯᠵᠤ ᠪᠠᠶᠢᠭᠰᠠᠨ ᠮᠣᠩᠭᠣᠯ ᠤᠯᠤᠰ ᠤ᠋ᠨ ᠭᠠᠪᠢᠶᠠᠲᠤ ᠪᠠᠭᠰᠢ ᠭ‍᠂ ᠵᠠᠭᠳᠠᠷᠠᠭᠴᠠ ᠶ᠋ᠢ ᢈᠦᠯᠢᠶᠡᠨ ᠠᠪᠴᠤ ᠠᠭᠤᠯᠵᠠᠯ᠎ᠠ

A- A A+
ᠮᠠᠲ᠋ᠧᠮᠠᠲ᠋ᠢᠭ ᠤ᠋ᠨ ᠣᠯᠢᠮᠫᠢᠶᠠᠳ᠋ ᠢ᠋ ᠮᠣᠩᠭᠣᠯ ᠳ᠋ᠤ ᠠᠩᠬ᠎ᠠ ᠵᠣᢈᠢᠶᠠᠨ ᠪᠠᠶᠢᠭᠤᠯᠵᠤ ᠪᠠᠶᠢᠭᠰᠠᠨ ᠮᠣᠩᠭᠣᠯ ᠤᠯᠤᠰ ᠤ᠋ᠨ ᠭᠠᠪᠢᠶᠠᠲᠤ ᠪᠠᠭᠰᠢ ᠭ‍᠂ ᠵᠠᠭᠳᠠᠷᠠᠭᠴᠠ ᠶ᠋ᠢ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠮᠠᠲ᠋ᠧᠮᠠᠲ᠋ᠢᠭ ᠤ᠋ᠨ ᠣᠯᠢᠮᠫᠢᠶᠠᠳ᠋ ᠢ᠋ ᠮᠣᠩᠭᠣᠯ ᠳ᠋ᠤ ᠠᠩᠬ᠎ᠠ ᠤᠳᠠᠭ᠎ᠠ ᠵᠣᢈᠢᠶᠠᠨ ᠪᠠᠶᠢᠭᠤᠯᠵᠤ ᠪᠠᠶᠢᠭᠰᠠᠨ ᠮᠣᠩᠭᠣᠯ ᠤᠯᠤᠰ ᠤ᠋ᠨ ᠭᠠᠪᠢᠶᠠᠲᠤ ᠪᠠᠭᠰᠢ᠂ ᠮᠤ‍᠂ ᠤ‍᠂ ᠪᠤ‍᠂ ᠶᠡ‍᠂ ᠰᠤ‍᠂ ᠢ᠋ᠢᠨ ᢈᠦᠨᠳᠦᠲᠦ ᠫᠷᠣᠹᠧᠰᠰᠣᠷ᠂ ᠳ᠋ᠣᠻᠲ᠋ᠣᠷ ᠭ‍᠂ ᠵᠠᠭᠳᠠᠷᠠᠭᠴᠠ ᠶ᠋ᠢ ᢈᠦᠯᠢᠶᠡᠨ ᠠᠪᠴᠤ ᠠᠭᠤᠯᠵᠠᠯ᠎ᠠ᠃  

ᠡᠳᠦᢉᠡ ᠙᠒ ᠨᠠᠰᠤ ᠶ᠋ᠢ ᠵᠣᠭᠤᠭᠯᠠᠵᠤ ᠪᠤᠢ ᠴᠤ ᠮᠠᠲ᠋ᠧᠮᠠᠲ᠋ᠢᠭ ᠤ᠋ᠨ ᠣᠯᠢᠮᠫᠢᠶᠠᠳ᠋ ᠤ᠋ᠨ ᠢ᠋ᠶᠠᠨ ᠲᠤᠬᠠᠢ ᠣᠨ᠂ ᠰᠠᠷ ᠠ᠋ ᠲᠠᠢ ᠨᠢ ᠶᠠᠷᠢᠬᠤ ᠲᠡᠷᠡ ᠪᠡᠷ ᠑᠙᠕᠙ ᠣᠨ ᠳ᠋ᠤ ᠣᠯᠠᠨ ᠤᠯᠤᠰ ᠤ᠋ᠨ ᠮᠠᠲ᠋ᠧᠮᠠᠲ᠋ᠢᠭ ᠤ᠋ᠨ ᠣᠯᠢᠮᠫᠢᠶᠠᠳ᠋ /ᠣ‍᠂ ᠤ‍᠂ ᠮᠠ‍᠂ ᠤ‍᠂/ ᠠᠩᠬ᠎ᠠ ᠷᠦᠮᠢᠨ ᠳ᠋ᠤ ᠪᠣᠯᠬᠤ ᠳ᠋ᠤ ᠠᠵᠢᠭᠯᠠᠭᠴᠢ ᠪᠠᠷ ᠣᠷᠤᠯᠴᠠᠵᠤ᠂ ᠑᠙᠖᠔ ᠣᠨ ᠳ᠋ᠤ ᠮᠣᠩᠭᠣᠯ ᠤᠯᠤᠰ ᠤ᠋ᠨ ᠢ᠋ᠶᠠᠨ ᠲᠥᠯᠦᢉᠡᠯᠡᠯ ᠢ᠋ ᠣᠷᠤᠯᠴᠠᠭᠤᠯᠵᠤ ᠶᠠᠪᠤᠵᠡᠢ᠃  ᠤᠯᠠᠮ ᠢ᠋ᠶᠠᠷ ᠑᠙᠖᠕ ᠣᠨ ᠳ᠋ᠤ ᠮᠣᠩᠭᠣᠯ ᠤ᠋ᠨ ᠮᠠᠲ᠋ᠧᠮᠠᠲ᠋ᠢᠭ ᠤ᠋ᠨ ᠣᠯᠢᠮᠫᠢᠶᠠᠳ᠋ ᠢ᠋ ᠠᠩᠬ᠎ᠠ ᠵᠣᢈᠢᠶᠠᠨ ᠪᠠᠶᠢᠭᠤᠯᠵᠤ᠂ ᠥᠩᢉᠡᠷᠡᢉᠰᠡᠨ ᠖᠐ ᠵᠢᠯ ᠦ᠋ᠨ ᠬᠤᠭᠤᠴᠠᠭᠠᠨ ᠳ᠋ᠤ ᠣ‍᠂ ᠤ‍᠂ ᠮᠠ‍᠂ ᠤ‍᠂ ᠤ᠋ᠨ ᠨᠠᠢᠮᠠᠨ ᠠᠯᠲᠠᠨ ᠮᠧᠳᠠᠯᠲᠠᠨ ᠲᠠᠢ ᠪᠣᠯᠤᠭᠰᠠᠨ ᠪᠠᠶᠢᠨ᠎ᠠ᠃  

ᠲᠡᠷᠡ ᠪᠡᠷ «ᠮᠠᠲ᠋ᠧᠮᠠᠲ᠋ᠢᠭ ᠤ᠋ᠨ ᠴᠠᠭᠠᠨ ᠲᠣᠯᠤᠭᠠᠢ»᠂ «ᠮᠠᠲ᠋ᠧᠮᠠᠲ᠋ᠢᠭ ᠤ᠋ᠨ ᠮᠡᠳᠡᠯᢉᠡ᠂ ᠴᠢᠳᠠᠪᠤᠷᠢ ᠶ᠋ᠢᠨ ᠲᠦᠪᠰᠢᠨ ᠰᠢᠯᠭᠠᠬᠤ ᠰᠡᠳᠦᠪ ᠦ᠋ᠳ»᠂ «ᢉᠧᠣᠮᠧᠲ᠋ᠷ ᠦ᠋ᠨ ᠪᠠᠲᠤᠯᠠᠬᠤ ᠪᠠ ᠪᠠᠶᠢᠭᠤᠯᠬᠤ ᠪᠣᠳᠤᠯᠭ᠎ᠠ ᠨᠤᠭᠤᠳ»᠂ «ᠮᠠᠲ᠋ᠧᠮᠠᠲ᠋ᠢᠭ ᠤ᠋ᠨ ᠵᠢᠱᠢᢉ ᠳᠠᠭᠠᠭᠠᠯᠭᠠᠪᠤᠷᠢ» ᠵᠡᠷᢉᠡ ᠰᠤᠷᠬᠤ ᠪᠢᠴᠢᢉ ᠢ᠋ ᠵᠣᢈᠢᠶᠠᠨ ᠭᠠᠷᠭᠠᠭᠰᠠᠨ ᠨᠢ ᢈᠡᠦᢈᠡᠳ ᠦ᠋ᠳ ᠪᠠᠭ᠎ᠠ ᠠ᠋ᠴᠠ ᠪᠠᠨ ᠮᠠᠲ᠋ᠧᠮᠠᠲ᠋ᠢᠭ ᠲᠤ ᠳᠤᠷᠠᠯᠠᠬᠤ ᠳ᠋ᠤ ᠶᠡᢈᠡᢉᠡᢈᠡᠨ ᠬᠤᠪᠢ ᠨᠡᠮᠡᠷᠢ ᠣᠷᠤᠭᠤᠯᠤᠭᠰᠠᠨ ᢉᠡᠳᠡᢉ ᠢ᠋ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠣᠨᠴᠠᠯᠠᠨ ᢈᠡᠯᠡᠵᠦ᠂ ᠲᠠᠯᠠᠷᠬᠠᠯ ᠢᠯᠡᠷᢈᠡᠶᠢᠯᠡᠪᠡ᠃