Хаах

ᠪᠠᠭᠰᠢᠯᠠᠬᠤ ᠡᠷᢈᠡ ᠶ᠋ᠢᠨ ᢉᠡᠷᠡᠴᠢᠯᠡᢉᠡ ᠣᠯᠭᠤᠬᠤ ᠰᠤᠷᠭᠠᠯᠲᠠ ᠳ᠋ᠤ ᠬᠠᠮᠤᠷᠤᠭᠳᠠᠭᠰᠠᠨ ᠡᢈᠢᠨ ᠦ᠋ ᠕᠓ ᠢᠷᢉᠡᠨ ᢉᠡᠷᠡᠴᠢᠯᠡᢉᠡ ᠪᠡᠨ ᠭᠠᠷᠳᠠᠨ ᠠᠪᠤᠯ᠎ᠠ

A- A A+
ᠪᠠᠭᠰᠢᠯᠠᠬᠤ ᠡᠷᢈᠡ ᠶ᠋ᠢᠨ ᢉᠡᠷᠡᠴᠢᠯᠡᢉᠡ ᠣᠯᠭᠤᠬᠤ ᠰᠤᠷᠭᠠᠯᠲᠠ ᠳ᠋ᠤ ᠬᠠᠮᠤᠷᠤᠭᠳᠠᠭᠰᠠᠨ ᠡᢈᠢᠨ ᠦ᠋ ᠕᠓ ᠢᠷᢉᠡᠨ ᢉᠡᠷᠡᠴᠢᠯᠡᢉᠡ ᠪᠡᠨ ᠭᠠᠷᠳᠠᠨ ᠠᠪᠤᠯ᠎ᠠ

ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ ᠡᠴᠡ ᠵᠥᠪᠰᠢᠶᠡᠷᠡᢉᠰᠡᠨ ᠮᠣᠩᠭᠣᠯ ᠤᠯᠤᠰ ᠤ᠋ᠨ ᠪᠣᠯᠪᠠᠰᠤᠷᠠᠯ ᠤ᠋ᠨ ᠶᠡᢈᠡ ᠰᠤᠷᠭᠠᠭᠤᠯᠢ᠂ ᠣᠳᠬᠠᠨᠲᠩᠷᠢ ᠶᠡᢈᠡ ᠰᠤᠷᠭᠠᠭᠤᠯᠢ᠂ ᠰᠠᠩᢈᠦᠦ ᠡᠳ᠋ ᠦ᠋ᠨ ᠵᠠᠰᠠᠭ ᠤ᠋ᠨ ᠶᠡᢈᠡ ᠰᠤᠷᠭᠠᠭᠤᠯᠢ᠂ ᠣᠯᠠᠨ ᠤᠯᠤᠰ ᠤ᠋ᠨ ᠤᠯᠠᠭᠠᠨᠪᠠᠭᠠᠲᠤᠷ ᠶᠡᢈᠡ ᠰᠤᠷᠭᠠᠭᠤᠯᠢ ᠶ᠋ᠢᠨ ᠪᠠᠭᠰᠢᠯᠠᠬᠤ ᠡᠷᢈᠡ ᠶ᠋ᠢᠨ ᠰᠤᠷᠭᠠᠯᠲᠠ ᠶ᠋ᠢ ᠳᠦᢉᠦᠷᢉᠡᢉᠰᠡᠨ ᠕᠓ ᠢᠷᢉᠡᠨ ᢉᠡᠷᠡᠴᠢᠯᠡᢉᠡ ᠪᠡᠨ ᠭᠠᠷᠳᠠᠨ ᠠᠪᠤᠯ᠎ᠠ᠃  

ᠰᠤᠷᠭᠠᠯᠲᠠ ᠶ᠋ᠢᠨ ᠦᠢᠯᠡ ᠠᠵᠢᠯᠯᠠᠭ᠎ᠠ ᠶ᠋ᠢ ᠶᠡᢈᠡ᠂ ᠳᠡᢉᠡᠳᠦ ᠰᠤᠷᠭᠠᠭᠤᠯᠢ ᠶ᠋ᠢᠨ ᠮᠡᠷᢉᠡᠵᠢᠯ ᠦ᠋ᠨ ᠪᠠᠭᠰᠢ ᠨᠠᠷ ᠤᠳᠤᠷᠢᠳᠤᠨ ᠵᠣᢈᠢᠶᠠᠨ ᠪᠠᠶᠢᠭᠤᠯᠵᠤ ᠪᠠᠶᠢᠭ᠎ᠠ ᠪᠥᢉᠡᠳ ᠰᠤᠷᠭᠠᠯᠲᠠ ᠶ᠋ᠢᠨ ᢈᠥᠲᠦᠯᠪᠦᠷᠢ ᠨᠢ ᠰᠡᠳᢈᠢᠯ ᠰᠤᠳᠤᠯᠤᠯ᠂ ᠪᠣᠯᠪᠠᠰᠤᠷᠠᠯ ᠤ᠋ᠨ ᠰᠡᠳᢈᠢᠯ ᠰᠤᠳᠤᠯᠤᠯ᠂ ᢈᠡᠦᢈᠡᠳ ᠦ᠋ᠨ ᢈᠥᢉᠵᠢᠯ ᠬᠠᠮᠠᠭᠠᠯᠠᠯ᠂ ᠰᠤᠷᠭᠠᠨ ᢈᠦᠮᠦᠵᠢᢉᠦᠯᢈᠦ ᠵᠦᠢ᠂ ᠬᠠᠷᠢᠯᠴᠠᠭ᠎ᠠ᠂ ᠰᠤᠷᠤᠯᠴᠠᠬᠤᠢ ᠪᠠᠭᠰᠢᠯᠠᠬᠤᠢ ᠪᠣᠯᠤᠨ ᠮᠡᠷᢉᠡᠵᠢᠯ ᠦ᠋ᠨ ᠠᠭᠤᠯᠭ᠎ᠠ ᠶ᠋ᠢᠨ ᢈᠦᠷᠢᠶ᠎ᠡ ᠶ᠋ᠢ ᠬᠠᠮᠤᠷᠴᠤ ᠪᠠᠶᠢᠨ᠎ᠠ᠃  ᠪᠠᠭᠰᠢᠯᠠᠬᠤ ᠡᠷᢈᠡ ᠶ᠋ᠢᠨ ᢉᠡᠷᠡᠴᠢᠯᠡᢉᠡ ᠣᠯᠭᠤᠬᠤ ᠰᠤᠷᠭᠠᠯᠲᠠ ᠨᠢ ᠴᠠᢈᠢᠮ᠂ ᠲᠠᠩᢈᠢᠮ ᠬᠣᠣᠰᠯᠠᠭᠰᠠᠨ ᢈᠡᠯᠪᠡᠷᠢ ᠪᠡᠷ ᠶᠠᠪᠤᠭᠳᠠᠭᠰᠠᠨ ᠪᠠ ᠬᠠᠮᠤᠷᠤᠭᠳᠠᠭᠰᠠᠨ ᠢᠷᢉᠡᠳ ᠪᠠᠭᠰᠢᠯᠠᠬᠤ ᠳᠠᠳᠤᠯᠭ᠎ᠠ ᢈᠢᠵᠦ᠂ ᠰᠢᠯᠭᠠᠯᠲᠠ ᠥᢉᢉᠦᢉᠰᠡᠨ ᠢ᠋ᠶᠡᠷ ᠲᠡᢉᠦᠰᠦᠯ ᠡ᠋᠃  

ᠪᠠᠭᠰᠢᠯᠠᠬᠤ ᠡᠷᢈᠡ ᠶ᠋ᠢᠨ ᠰᠤᠷᠭᠠᠯᠲᠠ ᠶ᠋ᠢᠨ ᢈᠥᠲᠦᠯᠪᠦᠷᠢ ᠳ᠋ᠦ ᠪᠡᠨ ᠳ᠋ᠦᠩᠨᠡᠯᠲᠡ ᠭᠠᠷᠭᠠᠭᠤᠯᠤᠭᠰᠠᠨ ᠶᠡᢈᠡ ᠰᠤᠷᠭᠠᠭᠤᠯᠢ ᠨᠤᠭᠤᠳ ᠤᠯᠠᠷᠢᠯ ᠳ᠋ᠤ ᠨᠢᢉᠡ ᠤᠳᠠᠭ᠎ᠠ ᠡᠯᠰᠡᠯᠲᠡ ᠠᠪᠴᠤ᠂ ᠰᠤᠷᠭᠠᠯᠲᠠ ᠶᠠᠪᠤᠭᠤᠯᠬᠤ ᠪᠠᠷ ᠲᠥᠯᠦᠪᠯᠡᠨ ᠠᠵᠢᠯᠯᠠᠵᠤ ᠪᠠᠶᠢᠭ᠎ᠠ ᠠᠵᠢ᠃  

ᠮᠣᠩᠭᠣᠯ ᠤᠯᠤᠰ ᠤ᠋ᠨ ᠪᠣᠯᠪᠠᠰᠤᠷᠠᠯ ᠤ᠋ᠨ ᠶᠡᢈᠡ ᠰᠤᠷᠭᠠᠭᠤᠯᠢ ᠶ᠋ᠢᠨ ᠪᠠᠭᠰᠢᠯᠠᠬᠤ ᠡᠷᢈᠡ ᠶ᠋ᠢᠨ ᠰᠤᠷᠭᠠᠯᠲᠠ ᠳ᠋ᠤ ᠘᠒ ᠢᠷᢉᠡᠨ ᠰᠤᠷᠤᠯᠴᠠᠬᠤ ᢈᠦᠰᠡᠯᠲᠡ ᠭᠠᠷᠭᠠᠭᠰᠠᠨ ᠠ᠋ᠴᠠ ᠱᠠᠭᠠᠷᠳᠠᠯᠭ᠎ᠠ ᠬᠠᠩᠭᠠᠭᠰᠠᠨ ᠑᠐ ᠢᠷᢉᠡᠨ ᠣᠳᠤ ᠶ᠋ᠢᠨ ᠪᠠᠶᠢᠳᠠᠯ ᠢ᠋ᠶᠠᠷ ᠠᠮᠵᠢᠯᠲᠠ ᠲᠠᠢ ᠰᠤᠷᠤᠯᠴᠠᠵᠤ ᠪᠠᠶᠢᠨ᠎ᠠ᠃