Хаах

«ᠮᠣᠩᠭᠤᠯ ᢈᠡᠯᠡ ᠰᠢᠨᠵᠢᠯᠡᠯ» ᠨᠠᠢᠮᠠᠨ ᠪᠠᠭᠴᠠ ᠲᠥᠰᠦᠯ

A- A A+
«ᠮᠣᠩᠭᠤᠯ ᢈᠡᠯᠡ ᠰᠢᠨᠵᠢᠯᠡᠯ» ᠨᠠᠢᠮᠠᠨ ᠪᠠᠭᠴᠠ ᠲᠥᠰᠦᠯ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠮᠤ‍᠂ ᠤ‍᠂ ᠶᠡ‍᠂ ᠰᠤ‍᠂ ᠢ᠋ᠢᠨ ᠮᠣᠩᠭᠣᠯ ᠰᠤᠳᠤᠯᠤᠯ ᠤ᠋ᠨ ᢈᠦᠷᠢᠶᠡᠯᠡᠩ᠂ ᠮᠣᠩᠭᠣᠯ ᢈᠡᠯᠡ᠂ ᢈᠡᠯᠡ ᠰᠢᠨᠵᠢᠯᠡᠯ ᠦ᠋ᠨ ᠲᠢᠩᢈᠢᠮ ᠡᠴᠡ ᠒᠐᠒᠕-᠒᠐᠒᠗ ᠣᠨ ᠳ᠋ᠤ ᢈᠡᠷᠡᢉᠵᠢᢉᠦᠯᢈᠦ ᢈᠡᠯᠡ ᠰᠢᠨᠵᠢᠯᠡᠯ ᠦ᠋ᠨ ᠰᠤᠷᠭᠠᠯᠲᠠ᠂ ᠰᠤᠳᠤᠯᠭᠠᠨ ᠤ᠋ «ᠮᠣᠩᠭᠤᠯ ᢈᠡᠯᠡ ᠰᠢᠨᠵᠢᠯᠡᠯ» ᠨᠠᠢᠮᠠᠨ ᠪᠠᠭᠴᠠ ᠲᠥᠰᠦᠯ ᠲᠡᠢ ᠲᠠᠨᠢᠯᠴᠠᠯ᠎ᠠ᠃

ᠲᠥᠰᠦᠯ ᠦ᠋ᠨ ᢈᠦᠷᠢᠶᠡᠨ ᠳ᠋ᠦ ᠣᠯᠠᠨ ᠤᠯᠤᠰ ᠤ᠋ᠨ ᠵᠢᠱᠢᢉ ᠦ᠋ᠨ ᠳᠠᠭᠠᠭᠤ «ᠮᠤ‍᠂ ᠤ‍᠂ ᠶᠡ‍᠂ ᠰᠤ‍ - ᠲᠣᠯᠢ ᠪᠢᠴᠢᢉ» ᠪᠤᠶᠤ ᠶᠡᢈᠡ ᠰᠤᠷᠭᠠᠭᠤᠯᠢ ᠶ᠋ᠢᠨ ᠮᠣᠩᠭᠣᠯ ᢈᠡᠯᠡᠨ ᠦ᠋ ᠲᠠᠶᠢᠯᠪᠤᠷᠢ ᠲᠣᠯᠢ᠂ ᠨᠤᠲᠤᠭ ᠤ᠋ᠨ ᠠᠶᠠᠯᠭᠤ ᠶ᠋ᠢᠨ ᠮᠦᠯᠲ᠋ᠢᠮᠣᠳ᠋ᠸᠯ ᠲᠣᠯᠢ ᠪᠢᠴᠢᢉ᠂ ᢈᠡᠦᢈᠡᠳ ᠲᠦ ᠵᠣᠷᠢᠭᠤᠯᠤᠭᠰᠠᠨ᠂ ᠲᠦᠪᠰᠢᠨ ᠠᠩᢉᠢᠯᠠᠭᠰᠠᠨ ᠲᠠᠶᠢᠯᠪᠤᠷᠢ ᠲᠣᠯᠢ ᠪᠢᠴᠢᢉ᠂ ᠵᠣᢈᠢᠶᠠᠯᠴᠢ ᠳ‍᠂ ᠨᠠᠴᠤᠭᠳᠣᠷᠵᠢ ᠶ᠋ᠢᠨ ᠵᠣᢈᠢᠶᠠᠯ ᠤ᠋ᠨ ᢈᠡᠯᠡᠨ ᠦ᠋ ᠲᠣᠯᠢ ᠪᠢᠴᠢᢉ᠂ ᠬᠠᠶᠢᠯᠲᠠ ᠶ᠋ᠢᠨ ᠰᠢᠰᠲ᠋ᠧᠮ ᠢ᠋ ᠠᠩᠬ᠎ᠠ ᠤᠳᠠᠭ᠎ᠠ ᠪᠦᠲᠦᢉᠡᢈᠦ ᠪᠡᠷ ᠲᠥᠯᠦᠪᠯᠡᠵᠡᠢ᠃  ᠮᠥᠨ ᢈᠡᠯᠡ ᠰᠢᠨᠵᠢᠯᠡᠯ ᠦ᠋ᠨ ᠰᠤᠳᠤᠯᠭᠠᠨ ᠤ᠋ ᠣᠯᠤᠯᠲᠠ ᠳ᠋ᠤ ᠲᠤᠯᠭᠠᠭᠤᠷᠢᠯᠠᠭᠰᠠᠨ ᠮᠣᠩᠭᠣᠯ ᢈᠡᠯᠡᠨ ᠦ᠋ ᠪᠦᠷᠢᠨ ᢈᠡᠯᠡ ᠵᠦᠢ᠂ ᠭᠠᠳᠠᠭᠠᠳᠤ ᢈᠦᠮᠦᠨ᠂ ᠮᠣᠩᠭᠣᠯ ᠦᠨᠳᠦᠰᠦᠲᠡᠨ᠂ ᠭᠠᠳᠠᠭᠠᠳᠤ ᠤᠯᠤᠰ ᠲᠤ ᠲᠥᠷᠦᠵᠦ᠂ ᠥᠰᠴᠦ ᠪᠤᠢ ᠮᠣᠩᠭᠣᠯ ᢈᠡᠦᢈᠡᠳ ᠲᠦ ᠵᠣᠷᠢᠭᠤᠯᠤᠭᠰᠠᠨ ᠢᠵᠢ ᠪᠦᠷᠢᠨ ᠰᠤᠷᠬᠤ ᠪᠢᠴᠢᢉ ᠢ᠋ ᠣᠯᠠᠨ ᠤᠯᠤᠰ ᠤ᠋ᠨ ᠰᠲ᠋ᠠᠨ᠋ᠳᠠᠷᠲ᠂ ᠠᠷᠭᠠᠴᠢᠯᠠᠯ ᠤ᠋ᠨ ᠳᠠᠭᠠᠭᠤ ᠵᠣᢈᠢᠶᠠᠬᠤ ᠠᠵᠢ᠃  

ᠡᠨᠡ ᢈᠦ ᠲᠥᠰᠦᠯ ᠦ᠋ᠨ ᠪᠠᠭᠴᠠ ᠲᠤᠰ ᠪᠦᠷᠢ ᠳ᠋ᠦ ᠥᢉᠡᠷ᠎ᠡ ᠥᢉᠡᠷ᠎ᠡ ᠭᠠᠵᠠᠷ ᠠ᠋ᠴᠠ ᠰᠠᠩᢈᠦᠵᠢᠯᠲᠡ ᠲᠠᠲᠠᠬᠤ ᠪᠠᠷ ᠬᠣᠯᠪᠤᠭᠳᠠᠬᠤ ᠪᠠᠶᠢᠭᠤᠯᠤᠯᠭ᠎ᠠ ᠨᠤᠭᠤᠳ ᠲᠤ ᠲᠠᠨᠢᠯᠴᠠᠭᠤᠯᠵᠤ ᠪᠤᠢ ᠲᠠᠯ᠎ᠠ ᠪᠠᠷ ᠢ᠋ᠶᠠᠨ ᠲᠥᠰᠦᠯ ᠦ᠋ᠨ ᠠᠬᠠᠯᠠᠭᠴᠢ᠂ ᠮᠤ‍᠂ ᠤ‍᠂ ᠶᠡ‍᠂ ᠰᠤ‍ - ᠡᠶᠢᠨ ᠰᠤᠷᠭᠠᠯᠲᠠ᠂ ᠣᠶᠤᠲᠠᠨ ᠤ᠋ ᢈᠥᢉᠵᠢᠯ ᠡᠷᢈᠢᠯᠡᢉᠰᠡᠨ ᠫᠷᠣᠷᠧᠻᠲ᠋ᠣᠷ ᠳ᠂ ᠵᠠᠶᠠᠭᠠᠪᠠᠭᠠᠲᠤᠷ ᠶᠠᠷᠢᠪᠠ᠃