Хаах

ᠪᠠᠭᠰᠢ᠂ ᠠᠵᠢᠯᠲᠠᠨ ᠨᠤᠭᠤᠳ ᠬᠣᠭᠤᠯᠠᠨ ᠤ᠋ ᠨᠡᠮᠡᢉᠳᠡᠯ ᠲᠡᠢ ᠪᠣᠯᠤᠯ᠎ᠠ

A- A A+
ᠪᠠᠭᠰᠢ᠂ ᠠᠵᠢᠯᠲᠠᠨ ᠨᠤᠭᠤᠳ ᠬᠣᠭᠤᠯᠠᠨ ᠤ᠋ ᠨᠡᠮᠡᢉᠳᠡᠯ ᠲᠡᠢ ᠪᠣᠯᠤᠯ᠎ᠠ

ᠪᠣᠯᠪᠠᠰᠤᠷᠠᠯ ᠤ᠋ᠨ ᠰᠠᠯᠪᠤᠷᠢ ᠶ᠋ᠢᠨ ᠬᠠᠮᠲᠤ ᠶ᠋ᠢᠨ ᢈᠡᠯᠡᠯᠴᠡᢉᠡᠷ ᠲᠦ ᠲᠤᠰᠬᠠᠭᠳᠠᠭᠰᠠᠨ ᠤ᠋ ᠳᠠᠭᠠᠭᠤ ᠲᠥᠷᠦ ᠶ᠋ᠢᠨ ᠥᠮᠴᠢ ᠶ᠋ᠢᠨ ᠰᠤᠷᠭᠠᠭᠤᠯᠢ᠂ ᠴᠡᠴᠡᠷᠯᠢᢉ᠂ ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠠᠯᠪᠠᠨ ᠬᠠᠭᠠᠭᠴᠢᠳ ᠲᠤ ᠰᠠᠷ᠎ᠠ ᠪᠦᠷᠢ ᠬᠣᠭᠤᠯᠠᠨ ᠤ᠋ ᠲᠣᠳᠤᠷᠬᠠᠢ ᠨᠥᢈᠦᢈᠦ ᠲᠥᠯᠦᠪᠦᠷᠢ ᠣᠯᠭᠤᠬᠤ ᠪᠠᠷ ᠰᠢᠢᠳᠪᠦᠷᠢᠯᠡᠯ᠎ᠡ᠃  

᠒᠐᠒᠕ ᠣᠨ ᠤ᠋ ᠪᠠᠲᠤᠯᠠᠭᠳᠠᠭᠰᠠᠨ ᠴᠠᠯᠢᠩ ᠤ᠋ᠨ ᠰᠠᠩ ᠳ᠋ᠤ ᠪᠠᠭᠲᠠᠭᠠᠨ ᠬᠣᠶᠠᠳᠤᠭᠠᠷ ᠰᠠᠷ᠎ᠠ ᠶ᠋ᠢᠨ ᠑ ᠦ᠋ ᠡᠳᠦᠷ ᠡᠴᠡ ᠡᢈᠢᠯᠡᠨ ᠒᠔᠖᠔ ᠭᠠᠷᠤᠢ ᠴᠡᠴᠡᠷᠯᠢᢉ᠂ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ᠂ ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠶ᠋ᠢᠨ ᠘᠘᠂᠖ ᠮᠢᠩᠭᠠᠨ ᠠᠯᠪᠠᠨ ᠬᠠᠭᠠᠭᠴᠢᠳ ᠲᠤ ᠰᠠᠷ᠎ᠠ ᠪᠦᠷᠢ ᠣᠷᠤᠨ ᠨᠤᠲᠤᠭ ᠲᠤ ᠳᠤᠮᠳᠠᠵᠢ ᠪᠠᠷ ᠑᠐᠗᠂᠕᠐᠐ ᠲᠥᢉᠦᠷᠢᢉ᠂ ᠨᠡᠶᠢᠰᠯᠡᠯ ᠳ᠋ᠦ ᠑᠗᠒᠂᠐᠐᠐ ᠲᠥᢉᠦᠷᠢᢉ ᠢ᠋ ᠣᠯᠭᠤᠬᠤ ᠶᠤᠮ᠃  /«ᠲᠥᠷᠦ ᠶ᠋ᠢᠨ ᠠᠯᠪᠠᠨ ᠬᠠᠭᠠᠭᠴᠢ ᠶ᠋ᠢᠨ ᠡᠳᠦᠷ ᠦ᠋ᠨ ᠬᠣᠭᠤᠯᠠᠨ ᠤ᠋ ᠵᠠᠷᠤᠳᠠᠯ ᠤ᠋ᠨ ᠲᠣᠳᠤᠷᠬᠠᠢ ᢈᠡᠰᠡᢉ ᠢ᠋ ᠪᠠᠶᠢᠭᠤᠯᠤᠯᠭ᠎ᠠ ᠠ᠋ᠴᠠ ᠨᠥᢈᠦᠨ ᠣᠯᠭᠤᠨ᠎ᠠ» ᢉᠡᠵᠦ ᠵᠢᠭᠠᠭᠰᠠᠨ ᠵᠢᠷᠤᠮ ᠤ᠋ᠨ ᠳᠠᠭᠠᠭᠤ/

ᠡᠨᠡ ᢈᠦᠷᠢᠶᠡᠨ ᠳ᠋ᠦ ᠤᠯᠤᠰ ᠤ᠋ᠨ ᠲᠥᠰᠦᠪ ᠡᠴᠡ ᠨᠡᠶᠢᠲᠡ ᠑᠑᠕᠂᠙ ᠲᠡᠷᠪᠤᠮ ᠲᠥᢉᠦᠷᠢᢉ ᠦ᠋ᠨ ᠡᢈᠢ ᠡᢉᠦᠰᠪᠦᠷᠢ ᠶ᠋ᠢ ᠴᠠᠯᠢᠩ ᠤ᠋ᠨ ᠪᠠᠲᠤᠯᠠᠭᠳᠠᠭᠰᠠᠨ ᠲᠥᠰᠦᠪ ᠲᠦ ᠪᠠᠭᠲᠠᠭᠠᠨ ᠰᠢᠢᠳᠪᠦᠷᠢᠯᠡᢈᠦ ᠪᠣᠯᠤᠮᠵᠢ ᠲᠠᠢ ᠪᠥᢉᠡᠳ ᠴᠢᠨᠠᠭᠰᠢᠳᠠ ᠬᠤᠪᠢᠰᠬᠤ ᠵᠠᠷᠤᠳᠠᠯ ᠤ᠋ᠨ ᠪᠦᠷᠢᠯᠳᠦᢈᠦᠨ ᠳ᠋ᠦ ᠬᠣᠭᠤᠯᠠ᠂ ᠤᠨᠤᠭᠠᠨ ᠤ᠋ ᠨᠥᢈᠦᢈᠦ ᠲᠥᠯᠦᠪᠦᠷᠢ ᠶ᠋ᠢ ᠲᠤᠰᠬᠠᠬᠤ ᠪᠠᠷ ᠵᠠᠰᠠᠭ ᠤ᠋ᠨ ᠭᠠᠵᠠᠷ ᠤ᠋ᠨ ᠲᠣᠭᠲᠠᠭᠠᠯ ᠳ᠋ᠤ ᠨᠡᠮᠡᠯᠲᠡ ᠥᢉᠡᠷᠡᠴᠢᠯᠡᠯᠲᠡ ᠣᠷᠤᠭᠤᠯᠤᠨ᠂ ᠵᠢᠯ ᠪᠦᠷᠢ ᠨᠡᠮᠡᢉᠳᠡᢉᠦᠯᢈᠦ ᠪᠣᠯᠤᠨ᠋ ᠠ᠋᠃

ᠰᠠᠷ᠎ᠠ ᠳ᠋ᠤ ᠨᠢᢉᠡ ᢈᠦᠮᠦᠨ ᠳ᠋ᠦ ᠣᠴᠢᠬᠤ ᠣᠷᠤᠯᠭ᠎ᠠ ᠣᠷᠤᠨ ᠨᠤᠲᠤᠭ ᠲᠤ ᠳᠤᠮᠳᠠᠵᠢ ᠪᠠᠷ ᠦᠨᠳᠦᠰᠦᠨ ᠴᠠᠯᠢᠩ ᠤ᠋ᠨ ᠗᠂᠒ ᠬᠤᠪᠢ᠂ ᠨᠡᠶᠢᠰᠯᠡᠯ ᠳ᠋ᠦ ᠑᠑᠂᠖ ᠬᠤᠪᠢ ᠪᠠᠷ ᠨᠡᠮᠡᢉᠳᠡᢈᠦ ᠪᠣᠯᠤᠮᠵᠢ ᠡᠶᠢᠨ ᢈᠦ ᠪᠦᠷᠢᠳᠦᠯ᠎ᠡ᠃