ᠤ᠂ ᠶᠡ᠂ ᠬᠤ᠂ ᠤ᠋ᠨ ᢉᠡᠰᠢᢉᠦᠨ ᠴ᠂ ᠯᠣᠳᠣᠶᠢᠰᠠᠮᠪᠤᠤ «ᠨᠡᢉᠡᢉᠡᠯᠲᠡ ᠲᠡᠢ ᠫᠠᠷᠯᠠᠮᠧᠨ᠋ᠲ» ᠣᠶᠤᠲᠠᠨ ᠤ᠋ ᠳᠠᠳᠤᠯᠭᠠᠵᠢᠬᠤ ᢈᠥᠲᠦᠯᠪᠦᠷᠢ ᠶ᠋ᠢᠨ ᠮ᠂ ᠵᠢᠷᠭᠠᠯᠰᠠᠶᠢᠬᠠᠨ /ᠰᠢ᠂ ᠤ᠂ ᠲᠸ᠂ ᠶᠡ᠂ ᠰᠤ - ᠫᠷᠤᠭᠷᠠᠮᠮ ᠬᠠᠩᠭᠠᠮᠵᠢ/ᠴ᠂ ᠴᠢᠮᠡᠳᠳᠣᠯᠭᠠᠷ /ᠮᠣ᠂ ᠤ᠂ ᠶᠡ᠂ ᠰᠤ - ᠮᠣᠩᠭᠣᠯ ᢈᠡᠯᠡ᠂ ᢈᠡᠯᠡ ᠰᠢᠨᠵᠢᠯᠡᠯ/᠂ ᠰ᠂ᠨᠠᠮᠤᠭᠤᠨ /ᠣᠳᠬᠠᠨᠲᠩᠷᠢ ᠶᠡᢈᠡ ᠰᠤᠷᠭᠠᠭᠤᠯᠢ- ᠡᠷᢈᠡ ᠵᠦᠢ/᠂ ᠪ᠂ ᠰᠣᠯᠤᠩᠭᠠ /ᠠᠴᠢ ᠠᠨᠠᠭᠠᠬᠤ ᠤᠬᠠᠭᠠᠨ ᠤ᠋ ᠶᠡᢈᠡ ᠰᠤᠷᠭᠠᠭᠤᠯᠢ- ᠨᠢᠭᠤᠷ ᠠᠮᠠᠨ ᠤ᠋ ᠶᠡᢈᠡ ᠡᠮᠴᠢ/ ᠪ᠂ ᠪᠢᠯᠢᢉᠦᠨ᠂ /ᠮᠣ᠂ ᠤ᠂ ᠶᠡ᠂ ᠰᠤ - ᠰᠡᠳᢈᠦᠯ ᠵᠦᠢ/ ᠨᠠᠷ ᠲᠠᠢ ᠵᠥᠪᠯᠡᢈᠦ ᠳ᠂ ᠭᠠᠩᠲᠤᠯᠭᠠ ᠶ᠋ᠢᠨ ᠬᠠᠮᠲᠤ ᠠᠭᠤᠯᠵᠠᠪᠠ᠃
ᠣᠶᠤᠲᠠᠨ ᠨᠤᠭᠤᠳ ᠪᠣᠯᠪᠠᠰᠤᠷᠠᠯ ᠤ᠋ᠨ ᠪᠠᠭᠰᠢ ᠬᠠᠤᠯᠢ ᠶ᠋ᠢᠨ ᠲᠤᠬᠠᠢ᠂ ᠪᠣᠯᠪᠠᠰᠤᠷᠠᠯ ᠤ᠋ᠨ ᠴᠥᠮ ᢈᠥᠲᠦᠯᠪᠦᠷᠢ᠂ ᠵᠡᠷᢉᠡ ᠰᠠᠯᠪᠤᠷᠢ ᠶ᠋ᠢᠨ ᠥᠷᢉᠡᠨ ᠰᠡᠳᠦᠪ ᠦ᠋ᠳ ᠡᠴᠡ ᠭᠠᠳᠠᠨᠠ ᠳᠣᠲᠤᠭᠤᠷ ᠪᠠᠶᠢᠷᠢ ᠶ᠋ᠢᠨ ᢈᠦᠷᠦᠯᠴᠡᢉᠡ᠂ ᠰᠤᠷᠭᠠᠯᠲᠠ ᠶ᠋ᠢᠨ ᠲᠥᠯᠦᠪᠦᠷᠢ ᠶ᠋ᠢᠨ ᠨᠡᠮᠡᢉᠳᠡᠯ ᠵᠡᠷᢉᠡ ᠥᠪᠡᠷᠰᠡᠳ ᠲᠦ ᠪᠡᠨ ᠲᠤᠯᠭᠠᠷᠠᠳᠠᠭ ᠠᠰᠠᠭᠤᠳᠠᠯ ᠤ᠋ᠳ ᠢ᠋ ᠶᠠᠷᠢᠯᠴᠠᠪᠠ᠃
ᠰᠢ᠂ ᠤ᠂ ᠲᠸ᠂ ᠶᠡ᠂ ᠰᠤ᠂ ᠢ᠋ᠢᠨ ᠤ᠂ ᠵᠦ᠂ ᠤ᠋ᠨ ᠳᠠᠷᠤᠭᠠ ᠶ᠋ᠢᠨ ᠬᠤᠪᠢ ᠪᠠᠷ ᠵᠥᠪᠯᠡᢈᠦ ᠳ᠂ ᠭᠠᠩᠲᠤᠯᠭᠠ ᢈᠢᢈᠦ ᠪᠡᠷ ᠲᠥᠯᠦᠪᠯᠡᠵᠦ ᠪᠤᠢ ᠠᠵᠢᠯ ᠤ᠋ᠳ ᠢ᠋ᠶᠠᠨ ᠴᠤ ᠲᠠᠨᠢᠯᠴᠠᠭᠤᠯᠵᠤ᠂ ᠰᠢ᠂ ᠤ᠂ ᠲᠸ᠂ ᠶᠡ᠂ ᠰᠤ᠂ ᠢ᠋ᠢᠨ «ᠣᠶᠤᠲᠠᠨ ᠤ᠋ ᢈᠥᢉᠵᠢᠯ ᠦ᠋ᠨ ᠲᠥᠪ» ᠪᠠᠶᠢᠭᠤᠯᠬᠤ ᠳ᠋ᠤ ᠬᠠᠤᠯᠢ ᠡᠷᢈᠡ ᠵᠦᠢ ᠶ᠋ᠢᠨ ᠬᠤᠪᠢ ᠳ᠋ᠤ ᠬᠤᠪᠢ ᠶ᠋ᠢᠨ ᢈᠡᠪᠰᠢᠯ ᠲᠡᠢ ᠬᠠᠮᠲᠤᠷᠠᠨ ᠠᠵᠢᠯᠯᠠᠬᠤ ᠪᠣᠯᠤᠮᠵᠢ ᠪᠦᠷᠢᠳᠦᢉᠦᠯᢈᠦ ᠪᠡᠷ ᠠᠵᠢᠯᠯᠠᠵᠤ ᠪᠤᠢ ᠪᠠᠨ ᠶᠠᠷᠢᠯᠠ᠃