Хаах

ᠲᠤᠰᠬᠠᠢ ᢈᠡᠷᠡᢉᠴᠡᢉᠡᠲᠦ ᠪᠣᠯᠪᠠᠰᠤᠷᠠᠯ ᠤ᠋ᠨ ᠕᠕ ᠳ᠋ᠤᠭᠠᠷ ᠰᠤᠷᠭᠠᠭᠤᠯᠢ ᠶ᠋ᠢᠨ ᠮᠡᠷᢉᠡᠵᠢᠯ ᠦ᠋ᠨ ᠪᠠᠷᠢᠮᠵᠢᠶ᠎ᠠ ᠣᠯᠭᠤᠬᠤ ᠰᠤᠷᠭᠠᠯᠲᠠ ᠳ᠋ᠤ ᠬᠠᠮᠤᠷᠤᠭᠳᠠᠭᠰᠠᠨ ᠰᠤᠷᠤᠭᠴᠢᠳ ᠤ᠋ᠨ ᠖᠐ ᠣᠷᠴᠢᠮ ᠬᠤᠪᠢ ᠨᠢ ᠠᠵᠢᠯ ᠤ᠋ᠨ ᠪᠠᠶᠢᠷᠢ ᠲᠠᠢ ᠪᠣᠯᠵᠡᠢ᠃

A- A A+
ᠲᠤᠰᠬᠠᠢ ᢈᠡᠷᠡᢉᠴᠡᢉᠡᠲᠦ ᠪᠣᠯᠪᠠᠰᠤᠷᠠᠯ ᠤ᠋ᠨ ᠕᠕ ᠳ᠋ᠤᠭᠠᠷ ᠰᠤᠷᠭᠠᠭᠤᠯᠢ ᠶ᠋ᠢᠨ ᠮᠡᠷᢉᠡᠵᠢᠯ ᠦ᠋ᠨ ᠪᠠᠷᠢᠮᠵᠢᠶ᠎ᠠ ᠣᠯᠭᠤᠬᠤ ᠰᠤᠷᠭᠠᠯᠲᠠ ᠳ᠋ᠤ ᠬᠠᠮᠤᠷᠤᠭᠳᠠᠭᠰᠠᠨ ᠰᠤᠷᠤᠭᠴᠢᠳ ᠤ᠋ᠨ ᠖᠐ ᠣᠷᠴᠢᠮ ᠬᠤᠪᠢ ᠨᠢ ᠠᠵᠢᠯ ᠤ᠋ᠨ ᠪᠠᠶᠢᠷᠢ ᠲᠠᠢ ᠪᠣᠯᠵᠡᠢ᠃

ᠨᠡᠶᠢᠰᠯᠡᠯ ᠦ᠋ᠨ ᠲᠤᠰᠬᠠᠢ ᢈᠡᠷᠡᢉᠴᠡᢉᠡᠲᠦ ᠪᠣᠯᠪᠠᠰᠤᠷᠠᠯ ᠤ᠋ᠨ ᠕᠕ ᠳ᠋ᠤᠭᠠᠷ ᠰᠤᠷᠭᠠᠭᠤᠯᠢ ᠡᠨᠡ ᢈᠢᠴᠢᠶᠡᠯ ᠦ᠋ᠨ ᠵᠢᠯ ᠡᠴᠡ «ᠲᠠᠯᠬ᠎ᠠ ᠨᠠᠷᠢᠨ ᠪᠣᠣᠪᠤ᠂ ᠪᠠᠷᠢᠰᠲ᠋ᠠ» ᠢ᠋ᠢᠨ ᠠᠩᢉᠢ ᠰᠢᠨ᠎ᠡ ᠪᠡᠷ ᢈᠢᠴᠢᠶᠡᠯᠯᠡᢉᠦᠯᠵᠦ ᠡᢈᠢᠯᠡᢉᠰᠡᠨ ᠶᠤᠮ᠃  ᠲᠤᠰ ᠰᠤᠷᠭᠠᠭᠤᠯᠢ ᠰᠠᠭᠤᠷᠢ ᠪᠣᠯᠪᠠᠰᠤᠷᠠᠯ ᠠ᠋ᠴᠠ ᠭᠠᠳᠠᠨ᠎ᠠ ᠲᠣᠭᠤᠭᠠᠴᠢ᠂ ᠴᠡᠴᠡᠷᠯᠢᢉᠴᠢ᠂ ᠵᠣᠴᠢᠳ ᠪᠠᠭᠤᠳᠠᠯ ᠤ᠋ᠨ ᠦᠢᠯᠡᠴᠢᠯᠡᢉᠴᠢ ᢉᠡᢈᠦ ᠵᠡᠷᢉᠡ ᠨᠠᠷᠢᠨ ᠮᠡᠷᢉᠡᠵᠢᠯ ᠢ᠋ᠶᠡᠷ ᠰᠤᠷᠤᠭᠴᠢᠳ ᠢ᠋ᠶᠠᠨ ᠳᠠᠪᠬᠤᠷ ᠪᠡᠯᠡᠳᢈᠡᠳᠡᢉ᠃  ᠰᠤᠷᠤᠭᠴᠢᠳ ᠢ᠋ᠶᠠᠨ ᠮᠡᠷᢉᠡᠵᠢᠯ ᠦ᠋ᠨ ᠤᠷ᠎ᠠ ᠴᠢᠳᠠᠪᠤᠷᠢ ᠳ᠋ᠤ ᠡᠶᠢᠨ ᢈᠦ ᠰᠤᠷᠤᠯᠴᠠᠭᠤᠯᠵᠤ ᠪᠠᠶᠢᠭ᠎ᠠ ᠨᠢ ᠲᠡᢉᠦᠰᠦᢉᠡᠳ ᠪᠡᠶ᠎ᠡ ᠳᠠᠭᠠᠭᠠᠨ ᢈᠥᠳᠡᠯᠮᠦᠷᠢ ᠡᠷᢈᠢᠯᠡᢈᠦ ᠪᠣᠯᠤᠮᠵᠢ ᠶ᠋ᠢ ᠣᠯᠭᠤᠵᠤ ᠪᠤᠢ ᠪᠠᠷ ᠢ᠋ᠶᠠᠨ ᠳᠠᠪᠠᠭᠤ ᠲᠠᠯ᠎ᠠ ᠲᠠᠢ᠃  

ᠲᠤᠰ ᠰᠤᠷᠭᠠᠭᠤᠯᠢ ᠨᠢ ᠒᠐᠒᠔-᠒᠐᠒᠕ ᠣᠨ ᠤ᠋ ᢈᠢᠴᠢᠶᠡᠯ ᠦ᠋ᠨ ᠵᠢᠯ ᠳ᠋ᠦ ᠕᠐᠒ ᠰᠤᠷᠤᠭᠴᠢ᠂ ᠑᠑᠕ ᠪᠠᠭᠰᠢ ᠲᠠᠢ ᠪᠠᠷ ᢈᠢᠴᠢᠶᠡᠯᠯᠡᠵᠦ ᠪᠤᠢ ᠪᠥᢉᠡᠳ ᠒᠐᠑᠐ ᠣᠨ ᠠ᠋ᠴᠠ ᠬᠣᠶᠢᠰᠢ ᢈᠦᠨᠳᠦᠪᠲᠦᠷ ᢈᠡᠯᠪᠡᠷᠢ ᠶ᠋ᠢᠨ ᢈᠥᢉᠵᠢᠯ ᠦ᠋ᠨ ᠪᠡᠷᢈᠡᠰᠢᠶᠡᠯᠲᠡᠢ ᢈᠡᠦᢈᠡᠳ ᠦ᠋ᠳ ᠢ᠋ ᠰᠤᠷᠤᠯᠴᠠᠭᠤᠯᠵᠤ᠂ ᠮᠡᠷᢉᠡᠵᠢᠯ ᠦ᠋ᠨ ᠪᠠᠷᠢᠮᠵᠢᠶ᠎ᠠ ᠣᠯᠭᠤᠵᠤ ᠡᢈᠢᠯᠡᠵᠡᠢ᠃  ᠥᠩᢉᠡᠷᠡᢉᠰᠡᠨ ᠑᠕ ᠵᠢᠯ ᠦ᠋ᠨ ᠬᠤᠭᠤᠴᠠᠭᠠᠨ ᠳ᠋ᠤ ᠮᠡᠷᢉᠡᠵᠢᠯ ᠦ᠋ᠨ ᠪᠠᠷᠢᠮᠵᠢᠶ᠎ᠠ ᠣᠯᠭᠤᠬᠤ ᠰᠤᠷᠭᠠᠯᠲᠠ ᠳ᠋ᠤ ᠬᠠᠮᠤᠷᠤᠭᠳᠠᠭᠰᠠᠨ ᠰᠤᠷᠤᠭᠴᠢᠳ ᠤ᠋ᠨ ᠖᠐ ᠣᠷᠴᠢᠮ ᠬᠤᠪᠢ ᠨᠢ ᠠᠵᠢᠯ ᠤ᠋ᠨ ᠪᠠᠶᠢᠷᠢ ᠲᠠᠢ ᠪᠣᠯᠤᠭᠰᠠᠨ ᢉᠡᠰᠡᠨ ᠰᠤᠳᠤᠯᠭ᠎ᠠ ᠭᠠᠷᠴᠡᠢ᠃