Хаах

«Мэдлэ» ᠴᠠᢈᠢᠮ ᠰᠤᠷᠭᠠᠭᠤᠯᠢ ᠮᠡᠷᢉᠡᠵᠢᠯ ᠰᠣᠩᠭᠤᠯᠲᠠ ᠳ᠋ᠤ ᠡᠶᠡᠷᢉᠦ ᠪᠡᠷ ᠨᠥᠯᠦᢉᠡᠯᠡᠵᠦ ᠪᠠᠶᠢᠨ᠎ᠠ

A- A A+
«Мэдлэ» ᠴᠠᢈᠢᠮ ᠰᠤᠷᠭᠠᠭᠤᠯᠢ ᠮᠡᠷᢉᠡᠵᠢᠯ ᠰᠣᠩᠭᠤᠯᠲᠠ ᠳ᠋ᠤ ᠡᠶᠡᠷᢉᠦ ᠪᠡᠷ ᠨᠥᠯᠦᢉᠡᠯᠡᠵᠦ ᠪᠠᠶᠢᠨ᠎ᠠ

᠒᠐᠒᠔-᠒᠐᠒᠕ ᠣᠨ ᠤ᠋ ᢈᠢᠴᠢᠶᠡᠯ ᠦ᠋ᠨ ᠵᠢᠯ ᠳ᠋ᠦ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠠᠬᠠᠯᠠᠬᠤ ᠠᠩᢉᠢ ᠶ᠋ᠢᠨ ᠰᠣᠩᠭᠤᠨ ᠰᠤᠳᠤᠯᠬᠤ ᠑᠖ ᠲᠥᠷᠦᠯ ᠦ᠋ᠨ ᢈᠢᠴᠢᠶᠡᠯ ᠢ᠋ ᠮᠣᠩᠭᠣᠯ ᠤ᠋ᠨ ᠠᠩᠬᠠᠨ ᠤ᠋ ᠴᠠᢈᠢᠮ ᠰᠤᠷᠭᠠᠭᠤᠯᠢ “ᠮᠡᠳᠡᠯ” ᠰᠤᠷᠭᠠᠯᠲᠠ ᠶ᠋ᠢᠨ ᠫᠯᠠᠲ᠋ᠹᠣᠷᠮ ᠠᠰᠢᠭᠯᠠᠨ ᠔᠙᠖ ᠰᠤᠷᠭᠠᠭᠤᠯᠢ ᠶ᠋ᠢᠨ ᠑᠗᠔᠕᠓ ᠰᠤᠷᠤᠭᠴᠢᠳ ᠓᠑᠗ ᠪᠠᠭᠰᠢ ᠵᠢᠭᠠᠵᠤ ᠪᠠᠶᠢᠨ᠎ᠠ᠃  ᠡᠳᠡᢉᠡᠷ ᢈᠢᠴᠢᠶᠡᠯ ᠡᠴᠡ ᠵᠢᠷᠭᠤᠭ᠎ᠠ ᠨᠢ ᠲᠠᠩᢈᠢᠮ ᠤ᠋ᠨ ᠰᠤᠷᠭᠠᠯᠲᠠ ᠪᠠᠷ ᠣᠷᠤᠳᠠᠭ ᠦᢉᠡᠢ ᠪᠠᠶᠢᠭᠰᠠᠨ ᠲᠡᠳᠦᠢ ᠦᢉᠡᠢ᠂ ᠲᠧᠻᠨᠣᠯᠣᢉᠢ ᠶ᠋ᠢᠨ ᠭᠤᠷᠪᠠᠨ ᢈᠢᠴᠢᠶᠡᠯ ᠢ᠋ ᠨᠢ ᠴᠣ ᠰᠢᠨ᠎ᠡ ᠪᠡᠷ ᠣᠷᠤᠭᠤᠯᠵᠤ᠂ ᠶᠡᢈᠡ ᠰᠤᠷᠭᠠᠭᠤᠯᠢ ᠨᠤᠭᠤᠳ ᠤ᠋ᠨ ᠨᠠᠷᠢᠨ ᠮᠡᠷᢉᠡᠵᠢᠯ ᠦ᠋ᠨ ᠰᠤᠷᠭᠠᠯᠲᠠ ᠨᠤᠭᠤᠳ ᠲᠠᠢ ᠤᠶᠠᠯᠳᠤᠭᠤᠯᠤᠨ ᠰᠠᠭᠤᠷᠢ ᠮᠡᠳᠡᠯᢉᠡ ᠣᠯᠭᠤᠬᠤ ᠵᠣᠷᠢᠯᠭ᠎ᠠ ᠪᠠᠷ ᠵᠢᠭᠠᠬᠤ ᠪᠣᠯᠤᠭᠰᠠᠨ ᠨᠢ ᢈᠡᠦᢈᠡᠳ ᠦ᠋ᠳ ᠦ᠋ᠨ ᠮᠡᠷᢉᠡᠵᠢᠯ ᠰᠣᠩᠭᠤᠯᠲᠠ ᠳ᠋ᠤ ᠡᠶᠡᠷᢉᠦ ᠪᠡᠷ ᠨᠥᠯᠦᢉᠡᠯᠡᠵᠦ ᠪᠠᠶᠢᠨ᠎ᠠ᠃

ᠠᠩᢉᠢ ᠳᠦᢉᠦᠷᢉᠡᠯᠲᠡ᠂ ᠪᠠᠭᠰᠢ ᠶ᠋ᠢᠨ ᢈᠦᠷᠦᠯᠴᠡᢉᠡ ᠦᢉᠡᠢ ᠪᠠᠶᠢᠳᠠᠯ ᠠ᠋ᠴᠠ ᠰᠢᠯᠲᠠᠭᠠᠯᠠᠨ ᢈᠥᠳᠡᢉᠡ ᠶ᠋ᠢᠨ ᠰᠤᠷᠭᠠᠭᠤᠯᠢ ᠶ᠋ᠢᠨ ᠠᠬᠠᠯᠠᠬᠤ ᠠᠩᢉᠢ ᠶ᠋ᠢᠨ ᠰᠤᠷᠤᠯᠴᠠᠭᠴᠢᠳ ᠤ᠋ᠨ ᠳᠤᠮᠳᠠ ᠡᢉᠦᠰᠳᠡᢉ ᠪᠡᠷᢈᠡᠰᠢᠶᠡᠯ ᠢ᠋ ᠠᠷᠢᠯᠭᠠᠬᠤ᠂ ᠲᠡᠳᠡᠨ ᠳ᠋ᠦ ᢈᠢᠴᠢᠶᠡᠯ ᠢ᠋ᠶᠡᠨ ᠰᠣᠩᠭᠤᠨ ᠰᠤᠳᠤᠯᠬᠤ ᠲᠡᢉᠰᠢ ᠪᠣᠯᠤᠮᠵᠢ ᠣᠯᠭᠤᠬᠤ᠂ ᢈᠢᠯᠢ ᠶ᠋ᠢᠨ ᠴᠢᠨᠠᠳᠤ ᠳ᠋ᠤ ᠪᠠᠶᠢᠭ᠎ᠠ ᠮᠣᠩᠭᠣᠯ ᢈᠡᠦᢈᠡᠳ ᠲᠦ ᠮᠣᠩᠭᠣᠯ ᢈᠡᠯᠡ᠂ ᠮᠣᠩᠭᠣᠯ ᠤ᠋ᠨ ᠲᠡᠦᢈᠡ᠂ ᠰᠣᠶᠤᠯ᠂ ᠦᠨᠳᠦᠰᠦᠨ ᠦ᠋ ᠥᠪ ᠤᠯᠠᠮᠵᠢᠯᠠᠯ᠂ ᠵᠠᠩ ᠵᠠᠩᠰᠢᠯ ᠠ᠋ᠴᠠ ᠰᠤᠷᠭᠠᠬᠤ ᠵᠣᠷᠢᠯᠭ᠎ᠠ ᠪᠠᠷ ᠡᠨᠡ ᢈᠦ ᠴᠠᢈᠢᠮ ᠰᠤᠷᠭᠠᠭᠤᠯᠢ ᠶ᠋ᠢᠨ ᠦᠢᠯᠡ ᠠᠵᠢᠯᠯᠠᠭ᠎ᠠ ᠶ᠋ᠢ ᠠᠩᠬ᠎ᠠ ᠲᠤᠷᠰᠢᠯᠲᠠ ᠶ᠋ᠢᠨ ᠮᠠᠶ᠋ᠢᠭ ᠢ᠋ᠶᠠᠷ ᠡᢈᠢᠯᠡᢉᠦᠯᠵᠦ ᠪᠠᠶᠢᠭᠰᠠᠨ ᠪᠣᠯ ᠥᠨᠦᠳᠦᠷ ᠠᠩᠬᠠᠯᠠᠬᠤ ᠠᠩᢉᠢ ᠶ᠋ᠢᠨ ᢈᠡᠦᢈᠡᠳ ᠦ᠋ᠳ ᠠᠨᠳᠠᠬᠤ ᠦᢉᠡᠢ ᠪᠣᠯᠵᠡᠢ᠃

ᢈᠡᠷᠪᠡ ᠰᠣᠩᠭᠤᠨ ᠰᠤᠳᠤᠯᠬᠤ ᢈᠢᠴᠢᠶᠡᠯ ᠢ᠋ ᠴᠠᢈᠢᠮ ᠢ᠋ᠶᠠᠷ ᠪᠤᠰᠤ ᠲᠠᠩᢈᠢᠮ ᠳ᠋ᠤ ᢈᠢᠴᠢᠶᠡᠯᠯᠡᢉᠦᠯᠦᢉᠰᠡᠨ ᠪᠣᠯ ᠒᠐᠒᠓-᠒᠐᠒᠔ ᠣᠨ ᠳ᠋ᠤ ᠖᠔᠐ ᢈᠡᠦᢈᠡᠳ ᠦ᠋ᠨ ᠪᠠᠭᠲᠠᠭᠠᠮᠵᠢ ᠲᠠᠢ ᠑᠙ ᠠᠬᠠᠯᠠᠬᠤ ᠰᠤᠷᠭᠠᠭᠤᠯᠢ᠂ ᠑᠗᠑᠘ ᠪᠠᠭᠰᠢ ᠠᠵᠢᠯᠯᠠᠬᠤ ᠱᠠᠭᠠᠷᠳᠠᠯᠭᠠᠲᠠᠢ ᠪᠠᠶᠢᠭᠰᠠᠨ ᠶᠤᠮ᠃