ᠡᠨᠡ ᠣᠨ ᠤ᠋ ᠨᠢᢉᠡᠳᠦᢉᠡᠷ ᠰᠠᠷᠠ ᠶ᠋ᠢᠨ ᠑ ᠠ᠋ᠴᠠ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠳᠣᠲᠤᠭᠤᠷ ᠪᠠᠶᠢᠷᠢᠨ ᠳ᠋ᠤ ᠠᠮᠢᠳᠤᠷᠠᠳᠠᠭ ᢈᠡᠦᢈᠡᠳ ᠦ᠋ᠨ ᠬᠣᠭᠤᠯᠠᠨ ᠤ᠋ ᠲᠡᢉᠦᢈᠡᠢ ᠡᠳ᠋ ᠦ᠋ᠨ ᠵᠠᠷᠤᠳᠠᠯ ᠢ᠋ ᠒᠐᠐᠐ ᠲᠥᢉᠦᠷᠢᢉ ᠢ᠋ᠶᠡᠷ ᠨᠡᠮᠡᢉᠳᠡᢉᠦᠯᠵᠦ ᠖᠐᠐᠐-᠖᠓᠐᠐ ᠲᠥᢉᠦᠷᠢᢉ ᠪᠣᠯᠭᠠᠨ ᠲᠣᠭᠲᠠᠭᠠᠭᠰᠠᠨ᠃
ᠬᠣᠭᠤᠯᠠᠨ ᠤ᠋ ᠲᠡᢉᠦᢈᠡᠢ ᠡᠳ᠋ ᠦ᠋ᠨ ᠵᠠᠷᠤᠳᠠᠯ ᠢ᠋ ᠨᠡᠮᠡᢉᠳᠡᢉᠦᠯᠦᢉᠰᠡᠨ ᠢ᠋ᠶᠡᠷ ᠭᠠᠷᠴᠤ ᠪᠤᠢ ᠡᠶᠡᠷᢉᠦ ᠥᢉᠡᠷᠡᠴᠢᠯᠡᠯᠲᠡ ᠶ᠋ᠢ ᠲᠥᠪ ᠠᠶᠢᠮᠠᠭ ᠤ᠋ᠨ ᠪᠠᠲᠤᠰᠦ᠋ᠮᠪᠦᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠳᠣᠲᠤᠭᠤᠷ ᠪᠠᠢᠢᠷᠢᠨ ᠠ᠋ᠴᠠ ᠰᠤᠷᠪᠤᠯᠵᠢᠯᠠᠯᠠ᠃ ᠥᠩᢉᠡᠷᠡᢉᠰᠡᠨ ᠣᠨ ᠤ᠋ ᠑᠒ ᠳ᠋ᠤᠭᠠᠷ ᠰᠠᠷᠠ ᠳ᠋ᠤ ᢈᠡᠦᢈᠡᠳ ᠦ᠋ᠨ ᠬᠣᠭᠤᠯᠠᠨ ᠤ᠋ ᠢᠯᠴᠢᠯᠢᢉ ᠒᠐᠔᠘᠂᠑ ᠻᠻᠠᠯ ᠪᠠᠶᠢᠭᠰᠠᠨ ᠪᠣᠯ ᠡᠨᠡ ᠣᠨ ᠤ᠋ ᠨᠢᢉᠡᠳᠦᢉᠡᠷ ᠰᠠᠷᠠ ᠳ᠋ᠤ ᠒᠒᠕᠗᠂᠘ ᠪᠣᠯᠵᠤ ᠰᠠᠶᠢᠵᠢᠷᠠᠵᠡᠢ᠃ ᠬᠣᠭᠤᠯᠠᠨ ᠤ᠋ ᠣᠷᠤᠴᠠ ᠨᠠᠶᠢᠷᠠᠯᠭᠠ᠂ ᠰᠢᠮᠡ ᠲᠡᠵᠢᢉᠡᠯ ᠤᠯᠠᠮ ᠰᠠᠶᠢᠵᠢᠷᠠᠵᠤ ᠪᠤᠢ ᠳ᠋ᠤ ᠰᠤᠷᠤᠭᠴᠢᠳ ᠲᠠᠯᠠᠷᠬᠠᠯ ᠲᠠᠢ ᠪᠠᠶᠢᠪᠠ᠃