Хаах

«ᠢᠨ᠋ᠵᠧᠨᠧᠷ᠂ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᢈᠦᠷᠢᠶᠡᠨ ᠳ᠋ᠦ ᠮᠣ‍᠂ ᠤ‍᠂ ᠶᠡ‍᠂ ᠰᠤ‍᠂ ᠳ᠋ᠤ ᠰᠤᠷᠭᠠᠯᠲᠠ᠂ ᠰᠤᠳᠤᠯᠭᠠᠨ ᠤ᠋ ᠯᠠᠪᠣᠷᠠᠲ᠋ᠣᠷᠢ ᠶ᠋ᠢᠨ ᠲᠣᠨᠤᠭ ᠲᠥᢈᠦᢉᠡᠷᠦᠮᠵᠢ ᢈᠦᠯᠢᠶᠡᠯᢉᠡᠨ ᠥᢉᢉᠦᠯ᠎ᠡ

A- A A+
«ᠢᠨ᠋ᠵᠧᠨᠧᠷ᠂ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᢈᠦᠷᠢᠶᠡᠨ ᠳ᠋ᠦ ᠮᠣ‍᠂ ᠤ‍᠂ ᠶᠡ‍᠂ ᠰᠤ‍᠂ ᠳ᠋ᠤ ᠰᠤᠷᠭᠠᠯᠲᠠ᠂ ᠰᠤᠳᠤᠯᠭᠠᠨ ᠤ᠋ ᠯᠠᠪᠣᠷᠠᠲ᠋ᠣᠷᠢ ᠶ᠋ᠢᠨ ᠲᠣᠨᠤᠭ ᠲᠥᢈᠦᢉᠡᠷᠦᠮᠵᠢ ᢈᠦᠯᠢᠶᠡᠯᢉᠡᠨ ᠥᢉᢉᠦᠯ᠎ᠡ

ᠮᠣᠩᠭᠣᠯ ᠤᠯᠤᠰ ᠤ᠋ᠨ ᠵᠠᠰᠠᠭ ᠤ᠋ᠨ ᠭᠠᠵᠠᠷ᠂ ᠵᠠᠶᠢᠻᠠ- ᠢ᠋ᠢᠨ ᠬᠣᠭᠤᠷᠤᠨᠳᠤ ᠪᠠᠶᠢᠭᠤᠯᠤᠭᠰᠠᠨ ᢈᠡᠯᠡᠯᠴᠡᢉᠡᠷ ᠢ᠋ᠶᠡᠷ ᢈᠡᠷᠡᢉᠵᠢᠵᠦ ᠪᠤᠢ «ᠢᠨ᠋ᠵᠧᠨᠧᠷ᠂ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᢈᠦᠷᠢᠶᠡᠨ ᠳ᠋ᠦ ᠮᠣ‍᠂ ᠤ‍᠂ ᠶᠡ‍᠂ ᠰᠤ‍᠂ ᠳ᠋ᠤ ᠰᠤᠷᠭᠠᠯᠲᠠ᠂ ᠰᠤᠳᠤᠯᠭᠠᠨ ᠤ᠋ ᠯᠠᠪᠣᠷᠠᠲ᠋ᠣᠷᠢ ᠶ᠋ᠢᠨ ᠲᠣᠨᠤᠭ ᠲᠥᢈᠦᢉᠡᠷᠦᠮᠵᠢ ᢈᠦᠯᠢᠶᠡᠯᢉᠡᠨ ᠥᢉᢉᠦᠯ᠎ᠡ᠃

ᠶᠡᢈᠡ ᠰᠤᠷᠭᠠᠭᠤᠯᠢ ᠨᠤᠭᠤᠳ ᠤ᠋ᠨ ᠰᠤᠷᠭᠠᠯᠲᠠ᠂ ᠰᠤᠳᠤᠯᠭᠠᠨ ᠤ᠋ ᠣᠷᠴᠢᠨ ᠢ᠋ ᠰᠠᠶᠢᠵᠢᠷᠠᠭᠤᠯᠬᠤ᠂ ᠪᠠᠭᠰᠢ᠂ ᠰᠤᠳᠤᠯᠤᠭᠠᠴᠢᠳ ᠤ᠋ᠨ ᠴᠢᠳᠠᠪᢈᠢ ᠶ᠋ᠢ ᠳᠡᢉᠡᢉᠰᠢᠯᠡᢉᠦᠯᢈᠦ᠂ ᠳᠡᠪᠰᠢᠯᠲᠡᠲᠦ ᠲᠣᠨᠤᠭ ᠲᠥᢈᠦᢉᠡᠷᠦᠮᠵᠢ ᠪᠦᢈᠦᠢ ᠨᠡᢉᠡᢉᠡᠯᠲᠡ ᠲᠡᠢ ᠯᠠᠪᠣᠷᠠᠲ᠋ᠣᠷᠢ ᠨᠤᠭᠤᠳ ᠢ᠋ ᠪᠠᠶᠢᠭᠤᠯᠬᠤ ᠵᠠᠮ ᠢ᠋ᠶᠠᠷ ᠲᠤᠷᠰᠢᠯᠲᠠ ᠰᠤᠳᠤᠯᠭ᠎ᠠ ᠶ᠋ᠢ ᠣᠯᠠᠨ ᠤᠯᠤᠰ ᠤ᠋ᠨ ᠲᠦᠪᠰᠢᠨ ᠳ᠋ᠦ ᢈᠦᠷᢈᠡᢈᠦ ᠵᠣᠷᠢᠯᠭ᠎ᠠ ᠪᠠᠷ ᠲᠥᠰᠦᠯ ᠦ᠋ᠨ ᠬᠤᠳᠠᠯᠳᠤᠨ ᠠᠪᠬᠤ ᠠᠵᠢᠯᠯᠠᠭ᠎ᠠ ᠶ᠋ᠢ ᠦᠶ᠎ᠡ ᠱᠠᠲᠤ ᠲᠠᠢ ᠪᠠᠷ ᠵᠣᢈᠢᠶᠠᠨ ᠪᠠᠶᠢᠭᠤᠯᠵᠤ᠂ ᠡᠨᠡ ᠤᠳᠠᠭ᠎ᠠ ᠳ᠋ᠤ ᠮᠣ‍᠂ ᠤ‍᠂ ᠶᠡ‍᠂ ᠰᠤ‍᠂ ᠳ᠋ᠤ ᢈᠡᠪᠯᠡᠯ ᠦ᠋ᠨ ᠪᠣᠯᠤᠨ ᠰᠲ᠋ᠦ᠋ᠳᠢ ᠶ᠋ᠢᠨ ᠔᠒ ᠨᠡᠷ᠎ᠡ ᠲᠥᠷᠦᠯ ᠦ᠋ᠨ ᠑᠐᠕ ᠲᠣᠨᠤᠭ ᠲᠥᢈᠦᢉᠡᠷᠦᠮᠵᠢ ᠶ᠋ᠢ ᢈᠦᠯᠢᠶᠡᠯᢉᠡᠨ ᠥᢉᠪᠡ᠃

«ᠢᠨ᠋ᠵᠧᠨᠧᠷ᠂ ᠲᠧᠻᠨᠤᠯᠤᢉᠢ ᠶ᠋ᠢᠨ ᠳᠡᢉᠡᠳᠦ ᠪᠣᠯᠪᠠᠰᠤᠷᠠᠯ» ᠲᠥᠰᠦᠯ ᠦ᠋ᠨ ᠰᠠᠩᢈᠦᠵᠢᠯᠲᠡ ᠪᠡᠷ ᠶᠠᠫᠣᠨ ᠤᠯᠤᠰ ᠲᠤ ᠻᠣᠣᠰᠧᠨ᠋᠂ ᠪᠠᠻᠠᠯᠠᠸᠷ ᠤ᠋ᠨ ᠬᠠᠮᠲᠤᠷᠠᠭᠰᠠᠨ᠂ ᠮᠠᢉᠢᠰᠲ᠋ᠷ᠂ ᠳ᠋ᠣᠻᠲ᠋ᠣᠷ᠂ ᠵᠡᠷᢉᠡ ᠶ᠋ᠢᠨ ᠪᠤᠰᠤ /ᠪᠣᠭᠤᠨᠢ ᠬᠤᠭᠤᠴᠠᠭᠠᠨ ᠤ᠋/ ᢈᠥᠲᠦᠯᠪᠦᠷᠢ ᠳ᠋ᠦ ᠑᠒᠐᠐ ᠭᠠᠷᠤᠢ ᠣᠶᠤᠲᠠᠨ᠂ ᠰᠤᠳᠤᠯᠤᠭᠠᠴᠢ ᠪᠠᠭᠰᠢ ᠨᠠᠷ ᠢ᠋ ᠬᠠᠮᠤᠷᠤᠭᠤᠯᠤᠭᠠᠳ ᠪᠤᠢ᠃  ᠡᠨᠡ ᢈᠦ ᠲᠥᠰᠦᠯ ᠨᠢ ᠢᠨ᠋ᠵᠧᠨᠧᠷ ᠦ᠋ᠨ ᠰᠠᠯᠪᠤᠷᠢ ᠶ᠋ᠢᠨ ᠪᠣᠯᠪᠠᠰᠤᠷᠠᠯ ᠢ᠋ ᢈᠥᢉᠵᠢᢉᠦᠯᠵᠦ᠂ ᠰᠤᠳᠤᠯᠭ᠎ᠠ᠂ ᠡᠷᠳᠡᠮ ᠰᠢᠨᠵᠢᠯᠡᢉᠡᠨ ᠦ᠋ ᠴᠠᠷ ᢈᠦᠷᠢᠶ᠎ᠡ ᠶ᠋ᠢ ᠥᠷᢉᠡᠵᠢᢉᠦᠯᠦᠨ᠂ ᠠᠵᠤ ᠦᠢᠯᠡᠳᠪᠦᠷᠢ ᠶ᠋ᠢᠨ ᠰᠠᠯᠪᠤᠷᠢ ᠶ᠋ᠢᠨ ᠡᠷᠢᠯᠲᠡ ᠳ᠋ᠦ ᠨᠡᠶᠢᠴᠡᢉᠰᠡᠨ ᠮᠡᠳᠡᠯᢉᠡ᠂ ᠫᠷᠠᠻᠲ᠋ᠢᠻ ᠴᠢᠳᠠᠪᠤᠷᠢ ᠪᠦᢈᠦᠢ ᠢᠨ᠋ᠵᠧᠨᠧᠷ᠂ ᠲᠧᠻᠨᠣᠯᠣᢉᠢ ᠶ᠋ᠢᠨ ᠮᠡᠷᢉᠡᠵᠢᠯᠲᠡᠨ ᠪᠡᠯᠡᠳᢈᠡᢈᠦ ᠡᠴᠡ ᠭᠠᠳᠠᠨ᠎ᠠ ᠣᠨᠤᠯ ᠤ᠋ᠨ ᠲᠦᠪᠰᠢᠨ ᠳ᠋ᠦ ᠵᠢᠭᠠᠳᠠᠭ ᠪᠠᠶᠢᠭᠰᠠᠨ ᢈᠢᠴᠢᠶᠡᠯ ᠢ᠋ ᠯᠠᠪᠣᠷᠠᠲ᠋ᠣᠷᠢ ᠶ᠋ᠢᠨ ᠣᠷᠴᠢᠨ ᠳ᠋ᠤ ᠰᠤᠷᠴᠤ᠂ ᠲᠤᠷᠰᠢᠯᠲᠠ᠂ ᠰᠤᠳᠤᠯᠭ᠎ᠠ ᠶ᠋ᠢ ᠪᠣᠳᠠᠲᠤ ᠪᠠᠷ ᢈᠢᢈᠦ ᠨᠥᢈᠦᠴᠡᠯ ᠢ᠋ ᠪᠦᠷᠢᠳᠦᢉᠦᠯᢈᠦ ᠠᠴᠢ ᠬᠣᠯᠪᠤᠭᠳᠠᠯ ᠲᠠᠢ᠃