ᠪᠣᠯᠪᠠᠰᠤᠷᠠᠯ ᠤ᠋ᠨ ᠶᠡᠷᠦᠩᢈᠡᠢ ᠬᠠᠤᠯᠢ ᠶ᠋ᠢᠨ ᠓᠕ ᠳ᠋ᠤᠭᠠᠷ ᠵᠦᠶᠢᠯ ᠦ᠋ᠨ ᠓᠕᠂᠖- ᠳ᠋ᠤ «ᠪᠣᠯᠪᠠᠰᠤᠷᠠᠯ ᠤ᠋ᠨ ᠴᠢᠨᠠᠷ ᠢ᠋ ᠭᠤᠷᠪᠠᠨ ᠵᠢᠯ ᠲᠤᠲᠤᠮ ᠣᠯᠠᠨ ᠤᠯᠤᠰ ᠤ᠋ᠨ ᠡᠷᢈᠡ ᠪᠦᢈᠦᠢ ᠪᠠᠶᠢᠭᠤᠯᠤᠯᠭᠠ ᠪᠠᠷ ᠦᠨᠡᠯᠡᢉᠦᠯᠦᠨᠡ» ᢈᠡᠮᠡᠨ ᠵᠢᠭᠠᠭᠰᠠᠨ ᠤ᠋ ᠳᠠᠭᠠᠭᠤ ᠮᠣᠩᠭᠣᠯ ᠤᠯᠤᠰ ᠬᠣᠶᠠᠷ ᠳᠠᢈᠢ ᠤᠳᠠᠭᠠ ᠶ᠋ᠢᠨ «PISA» ᠦᠨᠡᠯᠡᢉᠡᠨ ᠳ᠋ᠦ ᠬᠠᠮᠤᠷᠤᠭᠳᠠᠬᠤ ᠪᠠᠷ ᠪᠡᠯᠡᠳᢈᠡᠵᠦ ᠪᠠᠶᠢᠨᠠ᠃
«PISA» ᠦᠨᠡᠯᠡᢉᠡ ᠶ᠋ᠢ ᠡᠳ᠋ ᠦ᠋ᠨ ᠵᠠᠰᠠᠭ ᠤ᠋ᠨ ᠬᠠᠮᠲᠤ ᠶ᠋ᠢᠨ ᠠᠵᠢᠯᠯᠠᠭᠠᠨ ᠤ᠋ ᢈᠥᢉᠵᠢᠯ ᠦ᠋ᠨ ᠪᠠᠶᠢᠭᠤᠯᠤᠯᠭᠠ /OECD/ ᠒᠐᠐᠐ ᠣᠨ ᠠ᠋ᠴᠠ ᠡᢈᠢᠯᠡᠨ ᠭᠤᠷᠪᠠᠨ ᠵᠢᠯ ᠲᠤᠲᠤᠮ ᠳ᠋ᠤ ᠵᠣᢈᠢᠶᠠᠨ ᠪᠠᠶᠢᠭᠤᠯᠵᠤ ᠢᠷᠡᢉᠰᠡᠨ ᠪᠥᢉᠡᠳ ᠳᠡᠯᠡᢈᠡᠢ ᠶ᠋ᠢᠨ ᠙᠐ ᠭᠠᠷᠤᠢ ᠣᠷᠤᠨ ᠬᠠᠮᠤᠷᠤᠭᠳᠠᠳᠠᠭ ᠤᠴᠢᠷ ᠠ᠋ᠴᠠ ᠣᠯᠠᠨ ᠤᠯᠤᠰ ᠤ᠋ᠨ ᠲᠣᠮᠤᠬᠠᠨ ᠦᠨᠡᠯᠡᢉᠡᠨ ᠦ᠋ ᠨᠢᢉᠡ ᠳ᠋ᠦ ᠵᠦᠢ ᠶᠣᠰᠤᠭᠠᠷ ᠲᠣᠭᠠᠴᠠᠭᠳᠠᠳᠠᠭ᠃ ᠡᠨᠡ ᢈᠦ ᠦᠨᠡᠯᠡᢉᠡ ᠨᠢ ᠶᠡᠷᠦᠩᢈᠡᠢ ᠪᠣᠯᠪᠠᠰᠤᠷᠠᠯ ᠤ᠋ᠨ ᠑᠕ ᠨᠠᠰᠤᠲᠠᠢ ᠰᠤᠷᠤᠭᠴᠢᠳ ᠡᠵᠡᠮᠰᠢᢉᠰᠡᠨ ᠮᠡᠳᠡᠯᢉᠡ᠂ᠴᠢᠳᠠᠪᠤᠷᠢ ᠪᠠᠨ ᠠᠮᠢᠳᠤᠷᠠᠯ ᠳᠡᢉᠡᠷᠡ ᢈᠡᠷᢈᠢᠨ ᢈᠡᠷᠡᢉᠯᠡᠵᠦ ᠪᠠᠶᠢᠭᠠ᠂ ᠲᠤᠬᠠᠢ ᠶ᠋ᠢᠨ ᠤᠯᠤᠰ ᠤ᠋ᠨ ᠪᠣᠯᠪᠠᠰᠤᠷᠠᠯ ᠤ᠋ᠨ ᠲᠣᠭᠲᠠᠯᠴᠠᠭᠠ ᠡᠨᠡ ᠴᠢᠳᠠᠪᠤᠷᠢ ᠶ᠋ᠢ ᠶᠠᠮᠠᠷ ᠲᠦᠪᠰᠢᠨ ᠳ᠋ᠦ ᠣᠯᠭᠤᠵᠤ ᠪᠠᠶᠢᠭᠠ ᠶ᠋ᠢ ᠢᠯᠡᠷᠡᢉᠦᠯᠳᠡᢉ ᠢ᠋ᠶᠡᠷ ᠢ᠋ᠶᠡᠨ ᠣᠨᠴᠠᠯᠢᠭ ᠲᠠᠢ ᠶᠤᠮ᠃
ᠲᠤᠰ ᠰᠤᠳᠤᠯᠭᠠᠨ ᠳ᠋ᠤ ᠪᠡᠯᠡᠳᢈᠡᢈᠦ ᢈᠦᠷᠢᠶᠡᠨ ᠳ᠋ᠦ ᠲᠤᠷᠰᠢᠯᠲᠠ ᠶ᠋ᠢᠨ ᠰᠤᠳᠤᠯᠭᠠ ᠶ᠋ᠢ ᠒᠐᠒᠔ ᠣᠨ ᠤ᠋ ᠔-᠕ ᠳ᠋᠋ᠤᠭᠠᠷ ᠰᠠᠷᠠ ᠳ᠋ᠤ ᠵᠣᢈᠢᠶᠠᠨ ᠪᠠᠶᠢᠭᠤᠯᠤᠭᠰᠠᠨ ᠪᠥᢉᠡᠳ ᠨᠡᠶᠢᠲᠡ ᠓᠒ ᠰᠤᠷᠭᠠᠭᠤᠯᠢ ᠶ᠋ᠢᠨ ᠒᠕᠑᠓ ᠰᠤᠷᠤᠭᠴᠢ ᠳᠠᠭᠠᠭᠠᠯᠭᠠᠪᠤᠷᠢ ᢉᠦᠢᠴᠡᠳᢈᠡᠵᠦ᠂ ᠠᠰᠠᠭᠤᠯᠭᠠ ᠪᠥᢉᠯᠡᠨ᠂ ᠮᠥᠨ ᠲᠣᠭᠠᠨ ᠤ᠋ ᠡᠴᠢᢉᠡ ᠡᢈᠡ᠂ ᠑᠕᠔ ᠪᠠᠭᠰᠢ᠂ ᠓᠒ ᠰᠤᠷᠭᠠᠭᠤᠯᠢ ᠶ᠋ᠢᠨ ᠵᠠᢈᠢᠷᠤᠯ᠂ ᠰᠤᠷᠭᠠᠯᠲᠠ ᠶ᠋ᠢᠨ ᠮᠧᠨᠧᠵᠧᠷ ᠠᠰᠠᠭᠤᠯᠭᠠ ᠰᠤᠳᠤᠯᠭᠠᠨ ᠳ᠋ᠤ ᠬᠠᠮᠤᠷᠤᠭᠳᠠᠭᠰᠠᠨ᠃
ᠬᠠᠷᠢᠨ ᠦᠨᠳᠦᠰᠦᠨ ᠰᠤᠳᠤᠯᠭᠠ ᠳ᠋ᠤ ᠑᠙᠐ ᠣᠷᠴᠢᠮ ᠰᠤᠷᠭᠠᠭᠤᠯᠢ᠂ ᠗᠕᠐᠐ ᠣᠷᠴᠢᠮ ᠰᠤᠷᠤᠭᠴᠢ ᠲᠡᢉᠦᠪᠦᠷᠢ ᠪᠡᠷ ᠰᠣᠩᠭᠤᠭᠳᠠᠬᠤ ᠪᠥᢉᠡᠳ ᠪᠣᠯᠪᠠᠰᠤᠷᠠᠯ ᠤ᠋ᠨ ᠶᠠᠮᠤᠨ᠂ ᠪᠣᠯᠪᠠᠰᠤᠷᠠᠯ ᠤ᠋ᠨ ᠶᠡᠷᠦᠩᢈᠡᠢ ᠭᠠᠵᠠᠷ᠂ ᠪᠣᠯᠪᠠᠰᠤᠷᠠᠯ ᠤ᠋ᠨ ᠦᠨᠡᠯᠡᢉᠡᠨ ᠦ᠋ ᠲᠥᠪ ᠪᠣᠯᠤᠨ ᠪᠤᠰᠤᠳ ᠬᠠᠷᠢᠶᠠ ᠪᠠᠶᠢᠭᠤᠯᠤᠯᠭᠠ ᠒᠐᠒᠕ ᠣᠨ ᠤ᠋ ᠓-᠕ ᠳ᠋᠋ᠤᠭᠠᠷ ᠰᠠᠷᠠ ᠶ᠋ᠢᠨ ᠬᠣᠭᠤᠷᠤᠨᠳᠤ ᠰᠤᠳᠤᠯᠭᠠ ᠶ᠋ᠢ ᠬᠠᠮᠲᠤᠷᠠᠨ ᠵᠣᢈᠢᠶᠠᠨ ᠪᠠᠶᠢᠭᠤᠯᠤᠨᠠ᠃