Хаах

ᠠᠩᢉᠯᠢ ᢈᠡᠯᠡᠨ ᠦ᠋ ᠪᠠᠭᠰᠢ ᠨᠠᠷ ᠢ᠋ ᠪᠡᠯᠡᠳᢈᠡᢈᠦ᠂ ᠴᠢᠳᠠᠪᢈᠢᠵᠢᠭᠤᠯᠬᠤ ᠲᠥᠰᠦᠯ ᠦ᠋ᠨ ᠲᠠᠯ᠎ᠠ ᠪᠠᠷ ᠰᠠᠨᠠᠯ ᠰᠣᠯᠢᠯᠴᠠᠪᠠ

A- A A+
ᠠᠩᢉᠯᠢ ᢈᠡᠯᠡᠨ ᠦ᠋ ᠪᠠᠭᠰᠢ ᠨᠠᠷ ᠢ᠋ ᠪᠡᠯᠡᠳᢈᠡᢈᠦ᠂ ᠴᠢᠳᠠᠪᢈᠢᠵᠢᠭᠤᠯᠬᠤ ᠲᠥᠰᠦᠯ ᠦ᠋ᠨ ᠲᠠᠯ᠎ᠠ ᠪᠠᠷ ᠰᠠᠨᠠᠯ ᠰᠣᠯᠢᠯᠴᠠᠪᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠶᠡᢈᠡ ᠪᠷᠢᠲ᠋ᠠᠨᠢ᠂ ᠤᠮᠠᠷᠠᠳᠤ ᠢᠷᠯᠠᠨ᠋ᠳ᠋ ᠤ᠋ᠨ ᠨᠢᢉᠡᠳᠦᢉᠰᠡᠨ ᠬᠠᠭᠠᠨᠲᠤ ᠤᠯᠤᠰ ᠠ᠋ᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠹᠢᠣᠨᠠ ᠪᠯᠠᠶᠢᠲ᠂ ᠮᠣᠩᠭᠤᠯ ᠳ᠋ᠠᢈᠢ ᠨᠢ‍᠂ ᠦ‍᠂ ᠪᠠ‍᠂ ᠢ᠋ᠢᠨ ᢈᠡᠦᢈᠡᠳ ᠦ᠋ᠨ ᠰᠠᠩ ᠤ᠋ᠨ ᠰᠢᠳᠠᠷ ᠰᠠᠭᠤᠷᠢᠨ ᠲᠥᠯᠦᢉᠡᠯᠡᢉᠴᠢ ᠶᠠᠩ ᠮᠤ ᠨᠠᠷ ᠢ᠋ ᢈᠦᠯᠢᠶᠡᠨ ᠠᠪᠴᠤ ᠠᠭᠤᠯᠵᠠᠯ᠎ᠠ᠃  

ᠶᠡᢈᠡ ᠪᠷᠢᠲ᠋ᠠᠨ᠋᠋ᠢ᠂ ᠤᠮᠠᠷᠠᠳᠤ ᠢᠷᠯᠠᠨ᠋ᠳ᠋ ᠤ᠋ᠨ ᠨᠢᢉᠡᠳᠦᢉᠰᠡᠨ ᠬᠠᠭᠠᠨᠲᠤ ᠤᠯᠤᠰ ᠤ᠋ᠨ ᠭᠠᠳᠠᠭᠠᠳᠤ ᢈᠡᠷᠡᢉ᠂ ᠬᠠᠮᠲᠤ ᠶ᠋ᠢᠨ ᠨᠥᢈᠦᠷᠯᠡᠯ᠂ ᢈᠥᢉᠵᠢᠯ ᠦ᠋ᠨ ᠰᠠᠶᠢᠳ ᠥᠩᢉᠡᠷᠡᢉᠰᠡᠨ ᠣᠨ ᠳ᠋ᠤ ᠮᠠᠨ ᠤ᠋ ᠤᠯᠤᠰ ᠲᠤ ᢈᠢᢉᠰᠡᠨ ᠠᠯᠪᠠᠨ ᠶᠣᠰᠤᠨ ᠤ᠋ ᠠᠶᠢᠯᠴᠢᠯᠠᠯ ᠤ᠋ᠨ ᠢ᠋ᠶᠠᠨ ᠦᠶ᠎ᠡ ᠪᠡᠷ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠠᠩᢉᠯᠢ ᢈᠡᠯᠡᠨ ᠦ᠋ ᠪᠠᠭᠰᠢ ᠨᠠᠷ ᠢ᠋ ᠪᠡᠯᠡᠳᢈᠡᢈᠦ᠂ ᠴᠢᠳᠠᠪᢈᠢᠵᠢᠭᠤᠯᠬᠤ ᠰᠢᠭᠤᠳ ᠪᠤᠰᠤ ᠰᠠᠩᢈᠦᠵᠢᠯᠲᠡ ᠪᠦᢈᠦᠢ ᠲᠥᠰᠦᠯ ᢈᠡᠷᠡᢉᠵᠢᢉᠦᠯᠦᠨ᠎ᠡ ᢈᠡᠮᠡᠨ ᠠᠮᠠᠯᠠᠯᠲᠠ ᠥᢉᢉᠦᢉᠰᠡᠨ ᠪᠢᠯᠡ᠃

ᠠᠭᠤᠯᠵᠠᠯᠲᠠ ᠪᠠᠷ ᠳᠡᢉᠡᠷᠡᢈᠢ ᠲᠥᠰᠦᠯ ᠢ᠋ ᠡᢈᠢᠯᠡᢉᠦᠯᢈᠦ ᠲᠡᠢ ᠬᠣᠯᠪᠤᠭᠳᠠᠭᠤᠯᠤᠨ ᠠᠩᢉᠯᠢ ᢈᠡᠯᠡᠨ ᠦ᠋ ᠪᠠᠭᠰᠢ ᠨᠠᠷ ᠤ᠋ᠨ ᠲᠦᠪᠰᠢᠨ ᠢ᠋ ᠰᠠᠶᠢᠵᠢᠷᠠᠭᠤᠯᠬᠤ ᠳ᠋ᠤ ᠠᠪᠬᠤ ᠠᠷᠭ᠎ᠠ ᢈᠡᠮᠵᠢᠶᠡᠨ ᠦ᠋ ᠲᠠᠯ ᠠ᠋ ᠪᠠᠷ ᠰᠠᠨᠠᠯ ᠰᠣᠯᠢᠯᠴᠠᠪᠠ᠃  

ᠡᠨᠡ ᢈᠦ ᠲᠥᠰᠦᠯ ᠢ᠋ ᠡᠨᠡ ᠣᠨ ᠤ᠋ ᠬᠣᠶᠠᠳᠤᠭᠠᠷ ᠰᠠᠷ᠎ᠠ ᠠ᠋ᠴᠠ ᠡᢈᠢᠯᠡᠨ ᠵᠣᢈᠢᠶᠠᠨ ᠪᠠᠶᠢᠭᠤᠯᠬᠤ ᠪᠠᠷ ᠲᠠᠯ᠎ᠠ ᠨᠤᠭᠤᠳ ᠬᠠᠷᠢᠯᠴᠠᠨ ᠲᠣᢈᠢᠷᠠᠯᠴᠠᠭᠰᠠᠨ ᠪᠥᢉᠡᠳ ᠠᠩᢉᠯᠢ ᢈᠡᠯᠡᠨ ᠦ᠋ ᠪᠠᠭᠰᠢ ᠪᠡᠯᠡᠳᢈᠡᢈᠦ᠂ ᠳᠠᠪᠲᠠᠨ ᠰᠤᠷᠭᠠᠬᠤ᠂ ᠴᠢᠳᠠᠪᢈᠢᠵᠢᠭᠤᠯᠬᠤ ᠶ᠋ᠢ ᠮᠡᠷᢉᠡᠵᠢᠯ ᠦ᠋ᠨ ᠪᠠᠶᠢᠭᠤᠯᠤᠯᠭ᠎ᠠ ᠬᠠᠷᠢᠭᠤᠴᠠᠨ᠂ ᠨᠢ‍᠂ ᠦ‍᠂ ᠪᠠ‍᠂ ᠢ᠋ᠢᠨ ᢈᠡᠦᢈᠡᠳ ᠦ᠋ᠨ ᠰᠠᠩ ᢈᠢᠨᠠᠯᠲᠠ ᠲᠠᠯᠪᠢᠬᠤ ᠪᠠᠶᠢᠳᠠᠯ ᠢ᠋ᠶᠠᠷ ᠣᠷᠤᠯᠴᠠᠬᠤ ᠨᠢ ᠵᠦᠢᠲᠡᠢ ᢉᠡᠰᠡᠨ ᠰᠠᠨᠠᠯ ᠢ᠋ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠢᠯᠡᠷᢈᠡᠶᠢᠯᠡᠯ᠎ᠡ᠃