«ᠲᠠᠮᠠᢈᠢᠨ ᠤ᠋ ᠬᠠᠤᠯᠢ ᠶ᠋ᠢᠨ ᢈᠡᠷᠡᢉᠵᠢᠯᠲᠡ᠂ ᠲᠤᠯᠭᠠᠮᠳᠠᠵᠤ ᠪᠤᠢ ᠠᠰᠠᠭᠤᠳᠠᠯ» ᢈᠡᠯᠡᠯᠴᠡᢉᠦᠯᢉᠡ᠂ ᠵᠥᠪᠯᠡᢉᠡ ᠳ᠋ᠦ ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ᠂ ᠤ᠂ ᠶᠡ᠂ ᠬᠤ᠂ ᠤ᠋ᠨ ᢉᠡᠰᠢᢉᠦᠳ᠂ ᠳᠡ᠂ ᠡ᠂ ᠮᠡ᠂ ᠪᠡ᠂ ᠢ᠋ᠢᠨ ᠮᠣᠩᠭᠣᠯ ᠳ᠋ᠠᢈᠢ ᠰᠠᠭᠤᠷᠢᠨ ᠲᠥᠯᠦᢉᠡᠯᠡᢉᠴᠢ ᠳ᠋ᠷ ᠰᠣᠻᠣᠷᠷᠠ ᠡᠰᠻᠠᠯᠠᠨ᠋ᠲ᠋ᠧ ᠪᠣᠯᠤᠨ ᠪᠤᠰᠤᠳ ᠬᠣᠯᠪᠤᠭᠳᠠᠬᠤ ᠠᠯᠪᠠᠨ ᠤ᠋ ᢈᠢᠨ ᠣᠷᠤᠯᠴᠠᠯᠠ᠃
ᠠᠯᠢᠪᠠ ᢈᠢᠵᠠᠭᠠᠷᠯᠠᠯᠲᠠ᠂ ᠵᠣᢈᠢᠴᠠᠭᠤᠯᠤᠯᠲᠠ ᠣᠯᠠᠨ ᠨᠡᠶᠢᠲᠡ ᠳ᠋ᠦ ᢈᠦᠷᢈᠦ ᠳ᠋ᠦ ᠪᠡᠨ ᠲᠣᠳᠤᠷᠬᠠᠢ ᠡᠷᢈᠡ ᠠᠰᠢᠭ ᠨᠢ ᢈᠥᠨᠳᠡᢉᠳᠡᢉᠰᠡᠨ ᠰᠣᠨᠢᠷᠬᠠᠯ ᠤ᠋ᠨ ᠪᠦᠯᠦᢉ ᠦ᠋ᠳ ᠦ᠋ᠨ ᠡᠰᠡᠷᢉᠦᠴᠡᠯ ᠲᠡᠢ ᠲᠤᠯᠭᠠᠷᠠᠳᠠᠭ ᠴᠤ ᠪᠢᠳᠡ ᠥᠰᠪᠦᠷᠢ ᠨᠠᠰᠤᠨ ᠤ᠋ ᢈᠡᠦᢈᠡᠳ ᠦ᠋ᠨ ᠡᠷᠡᢉᠦᠯ ᠮᠡᠨᠳᠦ᠂ ᠠᠮᠢ ᠨᠠᠰᠤᠨ ᠳ᠋ᠤ ᠠᠶᠤᠯ ᠡᠷᠦᠰᠳᠡᠯ ᠤᠴᠠᠷᠠᠭᠤᠯᠵᠤ ᠪᠤᠢ ᠡᠯᠧᠻᠲ᠋ᠷᠣᠨ ᠲᠠᠮᠠᢈᠢᠨ ᠤ᠋ ᢈᠡᠷᠡᢉᠯᠡᢉᠡ᠂ ᠲᠡᢉᠦᠨ ᠳ᠋ᠦ ᠬᠣᠯᠪᠤᠭᠳᠠᠬᠤ ᠠᠰᠠᠭᠤᠳᠠᠯ ᠢ᠋ ᠰᠤᠳᠤᠯᠤᠨ᠂ ᠬᠠᠤᠯᠢ᠂ ᠡᠷᢈᠡ ᠵᠦᠢ ᠶ᠋ᠢᠨ ᠣᠷᠴᠢᠨ ᠢ᠋ ᠲᠣᠳᠤᠷᠬᠠᠢ ᠪᠣᠯᠭᠠᠬᠤ ᠠ᠋ᠴᠠ ᠤᠬᠤᠷᠢᠵᠤ ᠪᠣᠯᠬᠤ ᠦᢉᠡᠢ ᠶ᠋ᠢ ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ ᠣᠨᠴᠠᠯᠠᠪᠠ᠃