Хаах

«ᠡᠳ᠋ ᠦ᠋ᠨ ᠵᠠᠰᠠᠭ ᠤ᠋ᠨ ᢈᠦᠨᠳᠦᠷᠡᠯ ᠦ᠋ᠨ ᠦᠶ᠎ᠡ ᠳ᠋ᠦ ᠪᠣᠯᠪᠠᠰᠤᠷᠠᠯ ᠤ᠋ᠨ ᠴᠢᠨᠠᠷ ᢈᠦᠷᠲᠡᢉᠡᠮᠵᠢ ᠶ᠋ᠢ ᠰᠠᠶᠢᠵᠢᠷᠠᠭᠤᠯᠬᠤ» ᠲᠥᠰᠦᠯ ᠦ᠋ᠨ ᢈᠦᠷᠢᠶᠡᠨ ᠳ᠋ᠦ ᠲᠥᠯᠦᠪᠯᠡᢉᠰᠡᠨ ᠒᠑ ᠰᠤᠷᠭᠠᠭᠤᠯᠢ᠂ ᠴᠡᠴᠡᠷᠯᠢᢉ ᠦ᠋ᠨ ᠪᠠᠷᠢᠯᠭ᠎ᠠ ᠶ᠋ᠢᠨ ᠠᠵᠢᠯ ᠪᠦᠷᠢᠨ ᠳᠠᠭᠤᠰᠤᠯ᠎ᠠ

A- A A+
«ᠡᠳ᠋ ᠦ᠋ᠨ ᠵᠠᠰᠠᠭ ᠤ᠋ᠨ ᢈᠦᠨᠳᠦᠷᠡᠯ ᠦ᠋ᠨ ᠦᠶ᠎ᠡ ᠳ᠋ᠦ ᠪᠣᠯᠪᠠᠰᠤᠷᠠᠯ ᠤ᠋ᠨ ᠴᠢᠨᠠᠷ ᢈᠦᠷᠲᠡᢉᠡᠮᠵᠢ ᠶ᠋ᠢ ᠰᠠᠶᠢᠵᠢᠷᠠᠭᠤᠯᠬᠤ» ᠲᠥᠰᠦᠯ ᠦ᠋ᠨ ᢈᠦᠷᠢᠶᠡᠨ ᠳ᠋ᠦ ᠲᠥᠯᠦᠪᠯᠡᢉᠰᠡᠨ ᠒᠑ ᠰᠤᠷᠭᠠᠭᠤᠯᠢ᠂ ᠴᠡᠴᠡᠷᠯᠢᢉ ᠦ᠋ᠨ ᠪᠠᠷᠢᠯᠭ᠎ᠠ ᠶ᠋ᠢᠨ ᠠᠵᠢᠯ ᠪᠦᠷᠢᠨ ᠳᠠᠭᠤᠰᠤᠯ᠎ᠠ

ᠪᠣᠯᠪᠠᠰᠤᠷᠠᠯ ᠤ᠋ᠨ ᠶᠠᠮᠤᠨ ᠠ᠋ᠴᠠ ᠠᠽᠢ ᠶ᠋ᠢᠨ ᢈᠥᢉᠵᠢᠯ ᠦ᠋ᠨ ᠪᠠᠩᠻᠢ ᠶ᠋ᠢᠨ ᢈᠥᠩᢉᠡᠯᠡᠯᠲᠡ ᠲᠡᠢ ᠵᠢᢉᠡᠯᠡ ᠪᠡᠷ ᠒᠐᠑᠙ ᠣᠨ ᠠ᠋ᠴᠠ ᢈᠡᠷᠡᢉᠵᠢᢉᠦᠯᠵᠦ ᠡᢈᠢᠯᠡᢉᠰᠡᠨ «ᠡᠳ᠋ ᠦ᠋ᠨ ᠵᠠᠰᠠᠭ ᠤ᠋ᠨ ᢈᠦᠨᠳᠦᠷᠡᠯ ᠦ᠋ᠨ ᠦᠶ᠎ᠡ ᠳ᠋ᠦ ᠪᠣᠯᠪᠠᠰᠤᠷᠠᠯ ᠤ᠋ᠨ ᠴᠢᠨᠠᠷ᠂ ᢈᠦᠷᠲᠡᢉᠡᠮᠵᠢ ᠶ᠋ᠢ ᠰᠠᠶᠢᠵᠢᠷᠠᠭᠤᠯᠬᠤ» ᠲᠥᠰᠦᠯ ᠦ᠋ᠨ ᠨᠢᢉᠡᠳᠦᢉᠡᠷ ᠪᠦᠷᠢᠯᠳᠦᢈᠦᠨ ᠦ᠋ ᢈᠦᠷᠢᠶᠡᠨ ᠳ᠋ᠦ ᠲᠥᠯᠦᠪᠯᠡᢉᠰᠡᠨ ᠒᠑ ᠪᠠᠷᠢᠯᠭ᠎ᠠ ᠶ᠋ᠢᠨ ᠠᠵᠢᠯ ᠪᠦᠷᠢᠨ ᠳᠠᠭᠤᠰᠤᠯᠤᠭ᠎ᠠ᠃

ᠤᠭ ᠲᠥᠰᠦᠯ ᠦ᠋ᠨ ᠰᠠᠩᢈᠦᠵᠢᠯᠲᠡ ᠪᠡᠷ ᠬᠣᠶᠠᠷ ᠰᠤᠷᠭᠠᠭᠤᠯᠢ᠂ ᠬᠣᠶᠠᠷ ᠴᠡᠴᠡᠷᠯᠢᢉ ᠰᠢᠨ᠎ᠡ ᠪᠡᠷ ᠪᠠᠷᠢᠵᠤ᠂ ᠲᠠᠪᠤᠨ ᠰᠤᠷᠭᠠᠭᠤᠯᠢ᠂ ᠑᠒ ᠴᠡᠴᠡᠷᠯᠢᢉ ᠦ᠋ᠨ ᠪᠠᠷᠢᠯᠭ᠎ᠠ ᠶ᠋ᠢ ᠥᠷᢉᠡᠳᢈᠡᢉᠰᠡᠨ ᠢ᠋ᠶᠡᠷ ᠰᠤᠷᠭᠠᠭᠤᠯᠢ ᠶ᠋ᠢᠨ ᠰᠠᠭᠤᠳᠠᠯ ᠤ᠋ᠨ ᠲᠣᠭ᠎ᠠ ᠶ᠋ᠢ ᠓᠂᠔᠐᠐᠂ ᠴᠡᠴᠡᠷᠯᠢᢉ ᠦ᠋ᠨ ᠣᠷᠤᠨ ᠤ᠋ ᠲᠣᠭ᠎ᠠ ᠶ᠋ᠢ ᠒᠂᠓᠒᠕ ᠪᠠᠷ ᠨᠡᠮᠡᢉᠳᠡᢉᠦᠯᠪᠡ᠃  ᠢᠩᢉᠢᢉᠰᠡᠨ ᠢ᠋ᠶᠡᠷ ᠤᠯᠠᠭᠠᠨᠪᠠᠭᠠᠲᠤᠷ ᠬᠣᠲᠠ᠂ ᠳᠠᠷᠬᠠᠨ-ᠠᠭᠤᠯᠠ᠂ ᠭᠣᠪᠢᠰᠦ᠋ᠮᠪᠦᠷ ᠪᠣᠯᠤᠨ ᠭᠣᠪᠢ-ᠠᠯᠲᠠᠢ ᠠᠶᠢᠮᠠᠭ ᠤ᠋ᠨ ᠲᠥᠪ ᠲᠦ ᠨᠡᠶᠢᠲᠡ ᠑᠐ ᠮᠢᠩᠭ᠎ᠠ ᠣᠷᠴᠢᠮ ᢈᠡᠦᢈᠡᠳ ᠰᠲ᠋ᠠᠨ᠋ᠳᠠᠷᠲ ᠤ᠋ᠨ ᠱᠠᠭᠠᠷᠳᠠᠯᠭ᠎ᠠ ᠳ᠋ᠤ ᠨᠡᠶᠢᠴᠡᢉᠰᠡᠨ᠂ ᠲᠡᢉᠰᠢ ᢈᠦᠷᠲᠡᢉᠡᠮᠵᠢᠲᠡᠢ᠂ ᠡᠷᠡᢉᠦᠯ᠂ ᠠᠶᠤᠯ ᠦᢉᠡᠢ ᠣᠷᠴᠢᠨ ᠳ᠋ᠤ ᠰᠤᠷᠴᠤ᠂ ᠪᠣᠯᠪᠠᠰᠤᠷᠠᠬᠤ ᠨᠥᢈᠦᠴᠡᠯ ᠪᠦᠷᠢᠳᠴᠦ᠂ ᠰᠢᠨ᠎ᠡ ᠪᠡᠷ ᠔᠗᠘ ᠠᠵᠢᠯ ᠤ᠋ᠨ ᠪᠠᠶᠢᠷᠢ ᠪᠤᠢ ᠪᠣᠯᠤᠯ᠎ᠠ᠃ ᠡᠳᠡᢉᠡᠷ ᠡᠴᠡ ᠬᠣᠶᠠᠷ ᠰᠤᠷᠭᠠᠭᠤᠯᠢ᠂ ᠳᠣᠯᠤᠭᠠᠨ ᠴᠡᠴᠡᠷᠯᠢᢉ ᠨᠢ ᢈᠦᠮᠦᠨ ᠠᠮᠠ ᠶᠡᢈᠡ ᠲᠡᠢ᠂ ᠣᠷᠤᠨ ᠨᠤᠲᠤᠭ ᠠ᠋ᠴᠠ ᠰᠢᠯᠵᠢᠨ ᠢᠷᠡᢉᠰᠡᠳ ᠲᠦᠯᢈᠢᢉᠦᠦ ᠲᠥᠪᠯᠡᠷᠡᢉᠰᠡᠨ ᠪᠠᠶᠠᠨᠵᠢᠷᠦᢈᠡ᠂ ᠰᠣᠩᢉᠢᠨᠠᠬᠠᠶᠢᠷᠬᠠᠨ ᠳᠡᢉᠦᠷᢉᠡ ᠳ᠋ᠦ ᠪᠠᠷᠢᠭᠳᠠᠭᠰᠠᠨ ᠶᠤᠮ᠃

ᠳᠡᢉᠡᠷᠡᢈᠢ ᠲᠥᠰᠦᠯ ᠨᠢ ᠪᠠᠷᠢᠵᠤ᠂ ᠥᠷᢉᠡᠳᢈᠡᠨ ᠠᠰᠢᠭᠯᠠᠯᠲᠠ ᠳ᠋ᠤ ᠣᠷᠤᠭᠤᠯᠤᠭᠰᠠᠨ ᠰᠤᠷᠭᠠᠭᠤᠯᠢ᠂ ᠴᠡᠴᠡᠷᠯᠢᢉ ᠦ᠋ᠳ ᠲᠦ ᠱᠠᠭᠠᠷᠳᠠᠯᠭᠠᠲᠠᠢ ᠲᠠᠪᠢᠯᠭ᠎ᠠ᠂ ᠻᠣᠮᠫᠢᠶᠦ᠋ᠲ᠋ᠧᠷ᠂ ᠲᠣᠨᠤᠭ ᠲᠥᢈᠦᢉᠡᠷᠦᠮᠵᠢ᠂ ᠭᠠᠯ ᠲᠣᠭᠤᠭᠠᠨ ᠤ᠋ ᢈᠡᠷᠡᢉᠰᠡᠯ᠂ ᠵᠥᢉᠡᠯᠡᠨ ᠡᠳ᠋ᠯᠡᠯ ᠪᠣᠯᠤᠨ ᠪᠤᠰᠤᠳ ᠰᠤᠷᠭᠠᠯᠲᠠ ᠶ᠋ᠢᠨ ᢈᠡᠷᠡᢉᠯᠡᢉᠳᠡᢈᠦᠨ ᠢ᠋ ᠢᠵᠢ ᠪᠦᠷᠢᠨ ᠨᠡᠶᠢᠯᠡᢉᠦᠯᠦᢉᠰᠡᠨ ᠢ᠋ᠶᠡᠷ ᢈᠡᠦᢈᠡᠳ ᠦ᠋ᠨ ᠰᠤᠷᠴᠤ ᠪᠣᠯᠪᠠᠰᠤᠷᠠᠬᠤ᠂ ᢈᠥᢉᠵᠢᢈᠦ ᠲᠠᠭᠠᠲᠠᠢ ᠣᠷᠴᠢᠨ ᠢ᠋ ᠪᠦᠷᠢᠳᠦᢉᠦᠯᠵᠦ ᠪᠠᠶᠢᠨ᠎ᠠ᠃

ᠥᠩᢉᠡᠷᠡᢉᠰᠡᠨ ᠣᠨ ᠤ᠋ ᠭᠤᠷᠪᠠᠳᠤᠭᠠᠷ ᠰᠠᠷ᠎ᠠ ᠶ᠋ᠢᠨ ᠓ ᠳ᠋ᠤ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠪᠣᠯᠤᠨ ᠠᠽᠢ ᠶ᠋ᠢᠨ ᢈᠥᢉᠵᠢᠯ ᠦ᠋ᠨ ᠪᠠᠩᠻᠢ ᠲᠤᠰ ᠲᠥᠰᠦᠯ ᠦ᠋ᠨ ᠨᠡᠮᠡᠯᠲᠡ ᠰᠠᠩᢈᠦᠵᠢᠯᠲᠡ ᠶ᠋ᠢᠨ ᢉᠡᠷ᠎ᠡ ᠶ᠋ᠢ ᠪᠠᠲᠤᠯᠠᠭᠠᠵᠢᠭᠤᠯᠤᠭᠰᠠᠨ ᠲᠤᠯᠠ ᠪᠣᠯᠪᠠᠰᠤᠷᠠᠯ ᠤ᠋ᠨ ᠶᠠᠮᠤᠨ ᠠ᠋ᠴᠠ ᠨᠡᠶᠢᠰᠯᠡᠯ ᠪᠣᠯᠤᠨ ᢈᠥᠳᠡᢉᠡ᠂ ᠣᠷᠤᠨ ᠨᠤᠲᠤᠭ ᠲᠤ ᠭᠤᠷᠪᠠᠨ ᠰᠤᠷᠭᠠᠭᠤᠯᠢ᠂ ᠵᠢᠷᠭᠤᠭᠠᠨ ᠴᠡᠴᠡᠷᠯᠢᢉ ᠦ᠋ᠨ ᠪᠠᠷᠢᠯᠭ᠎ᠠ ᠶ᠋ᠢ ᠪᠠᠷᠢᠵᠤ᠂ ᢈᠦᠴᠦᠨ ᠴᠢᠳᠠᠯ ᠢ᠋ ᠙᠖᠐ ᠰᠠᠭᠤᠳᠠᠯ᠂ ᠙᠔᠐ ᠣᠷᠤ ᠪᠠᠷ ᠨᠡᠮᠡᢉᠳᠡᢉᠦᠯᢈᠦ ᠪᠡᠷ ᠲᠥᠯᠦᠪᠯᠡᠨ ᠠᠵᠢᠯᠯᠠᠵᠤ ᠪᠠᠶᠢᠨ᠎ᠠ᠃