ᠶᠠᠫᠤᠨ ᠤᠯᠤᠰ ᠠ᠋ᠴᠠ ᠮᠣᠩᠭᠤᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠠᠰᠠᠨ ᠱᠢᠮᠢᠽᠦ᠋ ᠲᠠᠻᠧᠨᠣᠷᠢ ᠶ᠋ᠢᠨ ᠰᠠᠨᠠᠭᠠᠴᠢᠯᠭᠠ ᠪᠠᠷ ᠶᠠᠫᠣᠨ ᠤ᠋ ᠴᠢᠪᠠ ᠢ᠋ᠢᠨ ᠲᠧᠻᠨᠣᠯᠣᢉᠢ ᠶ᠋ᠢᠨ ᠶᠡᢈᠡ ᠰᠤᠷᠭᠠᠭᠤᠯᠢ ᠠ᠋ᠴᠠ ᠤᠯᠠᠭᠠᠨᠪᠠᠭᠠᠲᠤᠷ ᠬᠣᠲᠠ ᠶ᠋ᠢᠨ ᠠᠷᠪᠠᠨ ᠰᠤᠷᠭᠠᠭᠤᠯᠢ ᠪᠣᠯᠤᠨ ᠠᠷᠤᠬᠠᠩᠭᠠᠢ ᠠᠶᠢᠮᠠᠭ ᠤ᠋ᠨ ᠠᠯᠤᠰᠯᠠᠭᠳᠠᠭᠰᠠᠨ ᠵᠢᠷᠭᠤᠭᠠᠨ ᠰᠤᠮᠤ ᠶ᠋ᠢᠨ ᠰᠤᠷᠭᠠᠭᠤᠯᠢ ᠨᠤᠭᠤᠳ ᠲᠤ ᠕᠕᠐ iPad ᠬᠠᠨᠳᠢᠪᠯᠠᠭᠰᠠᠨ ᠪᠢᠯᠡ᠃ ᠡᠨᠡ ᢈᠦᠷᠢᠶᠡᠨ ᠳ᠋ᠦ ᠬᠠᠨᠳᠢᠪ ᠤ᠋ᠨ ᠲᠥᢈᠦᢉᠡᠷᠦᠮᠵᠢ ᠨᠦ᠋ᢉᠦᠳ ᠡᠴᠡ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠔᠂᠑᠐᠂ ᠔᠑᠂ ᠗᠓᠂ ᠗᠖ ᠵᠡᠷᢉᠡ ᠠᠷᠪᠠᠨ ᠰᠤᠷᠭᠠᠭᠤᠯᠢ ᠳ᠋ᠤ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ ᠠ᠋ᠴᠠ ᠒᠐᠐ iPad ᠢ᠋ ᢈᠦᠯᠢᠶᠡᠯᢉᠡᠨ ᠢ᠋ ᠥᢉᢉᠦᢉᠰᠡᠨ ᠶᠤᠮ᠃
ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠗᠓ ᠳ᠋ᠤᠭᠠᠷ ᠰᠤᠷᠭᠠᠭᠤᠯᠢ ᠡᠨᠡ ᢈᠢᠴᠢᠶᠡᠯ ᠦ᠋ᠨ ᠵᠢᠯ ᠳ᠋ᠦ ᠖᠗ ᠪᠦᠯᠦᢉ ᠦ᠋ᠨ ᠒᠓᠓᠓ ᠰᠤᠷᠤᠭᠴᠢ ᠲᠠᠢ ᢈᠢᠴᠢᠶᠡᠯᠯᠡᠵᠦ ᠪᠠᠶᠢᠨᠠ᠃ ᠲᠡᠮᠦᠷ ᠵᠠᠮ ᠤ᠋ᠨ ᠴᠢᢉᠯᠡᢉᠦᠯᠦᢉ ᠲᠡᠢ ᠮᠠᠲ᠋ᠧᠮᠠᠲ᠋ᠢᠭ᠂ ᠭᠠᠳᠠᠭᠠᠳᠤ ᢈᠡᠯᠡᠨ ᠦ᠋ ᢉᠦᠨᠵᠡᢉᠡᠶᠢᠷᠡᢉᠦᠯᠦᢉᠰᠡᠨ ᠰᠤᠷᠭᠠᠯᠲᠠ ᠲᠠᠢ ᠤᠴᠢᠷ ᠠ᠋ᠴᠠ iPad ᠲᠥᢈᠦᢉᠡᠷᠦᠮᠵᠢ ᠶ᠋ᠢ ᠴᠠᢈᠢᠮ ᠲᠠᠩᢈᠢᠮ ᠳ᠋ᠤ “Pearson” ᠠᠩᢉᠯᠢ ᢈᠡᠯᠡᠨ ᠦ᠋ ᠴᠣᠭᠴᠠ ᢈᠥᠲᠦᠯᠪᠦᠷᠢ ᠳ᠋ᠦ ᠬᠠᠮᠤᠷᠤᠭᠳᠠᠵᠤ ᠪᠤᠢ ᠰᠤᠷᠤᠭᠴᠢᠳ ᠤ᠋ᠨ ᠰᠤᠷᠭᠠᠯᠲᠠ ᠶ᠋ᠢᠨ ᠦᠢᠯᠡ ᠠᠵᠢᠯᠯᠠᠭᠠᠨ ᠳ᠋ᠤ ᢈᠡᠷᠡᢉᠯᠡᢉᠦᠯᠦᠨᠡ ᢈᠡᠮᠡᠨ ᠲᠤᠰ ᠰᠤᠷᠭᠠᠭᠤᠯᠢ ᠶ᠋ᠢᠨ ᠵᠠᢈᠢᠷᠤᠯ ᠰᠢ᠂ ᠠᠷᠰᠯᠠᠨ ᢈᠡᠯᠡᠯᠡ᠃
ᠰᠡᢉᠦᠯ ᠦ᠋ᠨ ᠦᠶᠡ ᠶ᠋ᠢᠨ ᠡᠨᠡ ᢈᠦ ᠲᠥᢈᠦᢉᠡᠷᠦᠮᠵᠢ ᠨᠢ ᢈᠡᠦᢈᠡᠳ ᠦ᠋ᠳ ᠲᠦ ᠪᠣᠯᠪᠠᠰᠤᠷᠠᠯ ᠤ᠋ᠨ ᠦᠢᠯᠡᠴᠢᠯᠡᢉᠡ ᠶ᠋ᠢ ᠲᠡᢉᠰᠢ ᢈᠦᠷᢈᠡᢈᠦ᠂ ᠴᠠᢈᠢᠮ ᠰᠤᠷᠭᠠᠯᠲᠠ᠂ ᢈᠥᠲᠦᠯᠪᠦᠷᠢ ᠨᠦ᠋ᢉᠦᠳ ᠲᠦ ᠬᠠᠮᠤᠷᠤᠭᠤᠯᠬᠤ ᠳ᠋ᠤ ᠴᠢᠬᠤᠯᠠ ᠬᠤᠪᠢ ᠨᠡᠮᠡᠷᠢ ᠲᠡᠢ ᠪᠣᠯᠬᠤ ᠶ᠋ᠢ ᠲᠥᢈᠦᢉᠡᠷᠦᠮᠵᠢ ᠶ᠋ᠢ ᠰᠤᠷᠭᠠᠭᠤᠯᠢ ᠳᠡᢉᠡᠷᠡ ᠨᠢ ᢈᠦᠯᠢᠶᠡᠯᢉᠡᠨ ᠥᢉᢈᠦ ᠦᠶᠡ ᠪᠡᠷ ᠢ᠋ᠶᠡᠨ ᠪᠣᠯᠪᠠᠰᠤᠷᠠᠯ ᠤ᠋ᠨ ᠶᠠᠮᠤᠨ ᠤ᠋ ᠶᠡᠷᠦᠩᢈᠡᠢ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠭ᠂ ᠴᠣᠭᠵᠤᠯᠮᠠ ᠣᠨᠴᠠᠯᠠᠪᠠ᠃