Хаах

ᠰᠤᠷᠬᠤ ᠪᠢᠴᠢᢉ᠂ ᠭᠠᠷ ᠤ᠋ᠨ ᠠᠪᠤᠯᠭ᠎ᠠ ᠶ᠋ᠢᠨ ᠰᠢᠨᠡᠴᠢᠯᠡᠯ ᠦ᠋ᠨ ᠶᠠᠪᠤᠴᠠ ᠶ᠋ᠢᠨ ᠮᠡᠳᠡᢉᠡ

A- A A+
ᠰᠤᠷᠬᠤ ᠪᠢᠴᠢᢉ᠂ ᠭᠠᠷ ᠤ᠋ᠨ ᠠᠪᠤᠯᠭ᠎ᠠ ᠶ᠋ᠢᠨ ᠰᠢᠨᠡᠴᠢᠯᠡᠯ ᠦ᠋ᠨ ᠶᠠᠪᠤᠴᠠ ᠶ᠋ᠢᠨ ᠮᠡᠳᠡᢉᠡ

ᠣᠳᠤ ᠪᠠᠷ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ ᠦ᠋ᠨ ᠲᠦᠰᠢᠴᠡ ᠒᠖ ᠰᠤᠷᠭᠠᠭᠤᠯᠢ᠂ ᠑᠘ ᠴᠡᠴᠡᠷᠯᠢᢉ ᠲᠦ᠂ ᠰᠤᠷᠭᠠᠭᠤᠯᠢ ᠶ᠋ᠢᠨ ᠡᠮᠦᠨᠡᢈᠢ ᠪᠣᠯᠤᠨ ᠪᠠᠭ᠎ᠠ ᠪᠣᠯᠪᠠᠰᠤᠷᠠᠯ ᠤ᠋ᠨ ᠰᠤᠷᠭᠠᠯᠲᠠ ᠶ᠋ᠢᠨ ᢈᠥᠲᠦᠯᠪᠦᠷᠢ᠂ ᠰᠤᠷᠬᠤ ᠪᠢᠴᠢᢉ᠂ ᠭᠠᠷ ᠤ᠋ᠨ ᠠᠪᠤᠯᠭ᠎ᠠ ᠶ᠋ᠢᠨ ᠰᠢᠨᠡᠴᠢᠯᠡᢉᠰᠡᠨ ᠬᠤᠪᠢᠯᠪᠤᠷᠢ ᠶ᠋ᠢᠨ ᠲᠣᢈᠢᠷᠠᠴᠠ᠂ ᠠᠭᠤᠯᠭ᠎ᠠ ᠶ᠋ᠢᠨ ᠨᠡᠶᠢᠴᠡᠯ ᠢ᠋ ᠠᠩᠬ᠎ᠠ ᠤᠳᠠᠭ᠎ᠠ ᠰᠤᠳᠤᠯᠵᠡᠢ᠃

ᠰᠤᠳᠤᠯᠭ᠎ᠠ ᠶ᠋ᠢ II ᠤᠯᠠᠷᠢᠯ ᠤ᠋ᠨ ᠲᠤᠷᠰᠢᠳᠠ ᠮᠥᠨ ᢈᠢᢈᠦ ᠠᠭᠠᠳ ᠰᠢᠨᠡᠴᠢᠯᠡᠯ ᠦ᠋ᠨ ᠦᠷ᠎ᠡ ᠳ᠋ᠦᠩ ᠳ᠋ᠦ᠂ ᠠᠩᢉᠢ ᠳᠡᠪᠰᠢᢉᠰᠡᠨ ᠴᠤ ᢈᠢᠴᠢᠶᠡᠯ ᠦ᠋ᠳ ᠦ᠋ᠨ ᠠᠭᠤᠯᠭ᠎ᠠ ᠳᠠᠪᠬᠤᠷᠳᠠᠳᠠᠭ ᠪᠠᠶᠢᠭᠰᠠᠨ ᠨᠢ ᠠᠷᠢᠯᠵᠤ᠂ ᠲᠥᠰᠲᠡᠢ ᢈᠢᠴᠢᠶᠡᠯ ᠦ᠋ᠳ ᠢ᠋ ᠨᠢᢉᠡ ᠠᠭᠤᠯᠭ᠎ᠠ ᠳ᠋ᠤ ᠨᠢᢉᠡᠳᢈᠡᠨ ᢈᠢᠴᠢᠶᠡᠯ ᠦ᠋ᠨ ᠲᠣᠭ᠎ᠠ ᠶ᠋ᠢ ᠴᠥᢉᠡᠷᠡᢉᠦᠯᠵᠦ᠂ ᠰᠤᠷᠤᠭᠴᠢ ᠶ᠋ᠢᠨ ᠴᠦᠩᢈᠦ ᢈᠥᠩᢉᠡᠷᠡᠨ᠎ᠡ ᢉᠡᠵᠦ ᠦᠵᠡᠵᠦ ᠪᠠᠶᠢᠭ᠎ᠠ ᠶᠤᠮ ᠪᠠᠶᠢᠨ᠎ᠠ᠃