Хаах

«ᠰᠠᠶᠢᠬᠠᠨ ᠪᠢᠴᠢᢉᠲᠡᠨ ᠠᠩᢉᠢ» ᠢ᠋ᠢᠨ ᠰᠤᠷᠤᠭᠴᠢᠳ ᠢ᠋ ᢈᠦᠯᠢᠶᠡᠨ ᠠᠪᠴᠤ ᠠᠭᠤᠯᠵᠠᠯ᠎ᠠ

A- A A+
«ᠰᠠᠶᠢᠬᠠᠨ ᠪᠢᠴᠢᢉᠲᠡᠨ ᠠᠩᢉᠢ» ᠢ᠋ᠢᠨ ᠰᠤᠷᠤᠭᠴᠢᠳ ᠢ᠋ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᢈᠥᠪᠰᠦᢉᠦᠯ ᠠᠶᠢᠮᠠᠭ ᠤ᠋ᠨ ᠶᠡᠷᠦᠩᢈᠡᠢ ᠪᠣᠯᠪᠠᠰᠤᠷᠠᠯ ᠤ᠋ᠨ «ᠰᠣᠳᠤ-ᠡᠷᠳᠡᠮ» ᠰᠤᠷᠭᠠᠭᠤᠯᠢ ᠶ᠋ᠢᠨ ᠵᠠᢈᠢᠷᠤᠯ᠂ ᠮᠣᠩᠭᠣᠯ ᠤᠯᠤᠰ ᠤ᠋ᠨ ᠵᠥᠪᠯᠡᢈᠦ ᠪᠠᠭᠰᠢ ᠳ‍᠂ ᠮᠥᠩᢈᠡᠪᠠᠭᠠᠲᠤᠷ᠂ ᠮᠣᠩᠭᠣᠯ ᢈᠡᠯᠡᠨ ᠦ᠋ ᠵᠢᠭᠠᠬᠤ ᠠᠷᠭ᠎ᠠ ᠶ᠋ᠢᠨ ᠨᠢᢉᠡᠳᠦᠯ ᠦ᠋ᠨ ᠠᠬᠠᠯᠠᠭᠴᠢ᠂ ᠮᠣᠩᠭᠣᠯ ᠤᠯᠤᠰ ᠤ᠋ᠨ ᠵᠥᠪᠯᠡᢈᠦ ᠪᠠᠭᠰᠢ ᠣ‍᠂ ᠪᠣᠯᠤᠷᠮ᠎ᠠ᠂ ᠮᠣᠩᠭᠣᠯ ᢈᠡᠯᠡᠨ ᠦ᠋ ᠪᠠᠭᠰᠢ ᠪᠠ‍᠂ ᠪᠠᠰᠠᠩᠵᠢᠷᠭᠠᠯ᠂ ᠣ‍᠂ᠴᠡᠩᠳᠦ-ᠠᠶᠤᠱᠢ ᠪᠣᠯᠤᠨ ᠮᠣᠩᠭᠣᠯ ᢈᠡᠯᠡᠨ ᠦ᠋ ᠲᠡᠷᠢᢉᠦᠯᠡᢈᠦ ᠪᠠᠭᠰᠢ ᠲ‍᠂ ᢈᠡᠰᠢᢉᠳᠡᠯᢉᠡᠷ᠂ ᠲᠡᢉᠦᠨ ᠦ᠋ ᠳᠠᠭᠠᠭᠠᠭᠰᠠᠨ ᠑᠒᠎ᠠ᠊ ᠠᠩᢉᠢ ᠶ᠋ᠢᠨ ᠒᠓ ᠰᠤᠷᠤᠭᠴᠢ᠂ ᠡᠴᠢᢉᠡ ᠡᢈᠡ ᠶ᠋ᠢᠨ ᠲᠥᠯᠦᢉᠡᠯᠡᠯ ᠢ᠋ ᢈᠦᠯᠢᠶᠡᠨ ᠠᠪᠴᠤ ᠠᠭᠤᠯᠵᠠᠯ᠎ᠠ᠃

ᠮᠣᠨᠴᠠᠮᠡ ᠠᢉᠧᠨ᠋ᠲ᠋ᠯᠢᠭ ᠤ᠋ᠨ «ᢈᠦᠮᠦᠨ ᠪᠢᠴᠢᢉ» ᠰᠣᠨᠢᠨ ᠠ᠋ᠴᠠ ᠒᠘ ᠳ᠋ᠠᢈᠢ ᠵᠢᠯ ᠳ᠋ᠦ ᠪᠡᠨ ᠵᠣᢈᠢᠶᠠᠨ ᠪᠠᠶᠢᠭᠤᠯᠵᠤ ᠪᠤᠢ «ᠮᠣᠩᠭᠤᠯ ᠤ᠋ᠨ ᠰᠠᠶᠢᠬᠠᠨ ᠪᠢᠴᠢᢉᠲᠡᠨ» ᠣᠯᠠᠨ ᠤᠯᠤᠰ ᠤ᠋ᠨ ᠤᠷᠤᠯᠳᠤᠭᠠᠨ ᠤ᠋ «ᠰᠠᠶᠢᠬᠠᠨ ᠪᠢᠴᠢᢉᠲᠡᠨ ᠠᠩᢉᠢ» ᠠᠩᢉᠢᠯᠠᠯ ᠳ᠋ᠤ ᠲ‍᠂ ᢈᠡᠰᠢᢉᠳᠡᠯᢉᠡᠷ ᠪᠠᠭᠰᠢ ᠶ᠋ᠢᠨ ᠪᠡᠯᠡᠳᢈᠡᢉᠰᠡᠨ ᠑᠒᠎ᠠ ᠠᠩᢉᠢ ᠶ᠋ᠢᠨ ᠰᠤᠷᠤᠭᠴᠢᠳ ᠳᠡᠳ᠋ ᠪᠠᠶᠢᠷᠢ ᠡᠵᠡᠯᠡᠵᠡᠢ᠃ ᠮᠥᠨ ᠡᠨᠡ ᢈᠢᠴᠢᠶᠡᠯ ᠦ᠋ᠨ ᠵᠢᠯ ᠳ᠋ᠦ ᠲᠤᠰ ᠰᠤᠷᠭᠠᠭᠤᠯᠢ ᠶ᠋ᠢᠨ ᠰᠤᠷᠤᠭᠴᠢᠳ ᠣᠯᠠᠨ ᠤᠯᠤᠰ ᠤ᠋ᠨ ᠪᠣᠯᠤᠨ ᠤᠯᠤᠰ ᠤ᠋ᠨ ᢈᠡᠮᠵᠢᠶᠡᠨ ᠦ᠋ ᠤᠷᠤᠯᠳᠤᠭᠠᠨ ᠲᠡᠮᠡᠴᠡᢉᠡᠨ᠂ ᠤᠯᠤᠰ ᠤ᠋ᠨ ᠣᠯᠢᠮᠫᠢᠶᠠᠳ᠋ ᠵᠡᠷᢉᠡ ᠡᠴᠡ ᠨᠡᠶᠢᠲᠡ ᠑᠒᠘ ᠮᠧᠳᠠᠯ ᢈᠦᠷᠲᠡᢉᠰᠡᠨ ᠠᠮᠵᠢᠯᠲᠠ ᠦᠵᠡᢉᠦᠯᠦᢉᠰᠡᠨ ᠢ᠋ ᠵᠠᢈᠢᠷᠤᠯ ᠳ‍᠂ ᠮᠥᠩᢈᠡᠪᠠᠭᠠᠲᠤᠷ ᠥᢉᠦᠯᠡᠪᠡ᠃

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠮᠣᠩᠭᠣᠯ ᠪᠢᠴᠢᢉ ᠰᠤᠷᠤᠭᠰᠠᠨ ᠲᠤᠬᠠᠢ ᠪᠠᠨ ᠬᠤᠪᠢᠶᠠᠯᠴᠠᠨ᠂ ᠦᠨᠳᠦᠰᠦᠨ ᠦ᠋ ᠪᠢᠴᠢᢉ᠂ ᠥᠪ ᠰᠣᠶᠤᠯ ᠢ᠋ᠶᠠᠨ ᠬᠠᠶᠢᠷᠠᠯᠠᠨ ᠬᠠᠮᠠᠭᠠᠯᠠᠬᠤ ᠶ᠋ᠢ ᠰᠤᠷᠤᠭᠴᠢᠳ ᠲᠤ ᠵᠠᢈᠢᠵᠤ᠂ ᠠᠮᠵᠢᠯᠲᠠ ᢈᠦᠰᠡᠯ᠎ᠡ᠃