ᠠᠯᠤᠰᠯᠠᠭᠳᠠᠭᠰᠠᠨ ᠣᠷᠤᠨ ᠨᠤᠲᠤᠭ ᠤ᠋ᠨ ᢈᠡᠦᢈᠡᠳ ᠪᠠᠭᠠᠴᠤᠳ ᠤ᠋ᠨ ᢈᠥᢉᠵᠢᠯ ᠪᠣᠯᠪᠠᠰᠤᠷᠠᠯ᠂ ᠬᠠᠮᠠᠭᠠᠯᠠᠯ ᠢ᠋ ᠳᠡᠮᠵᠢᢈᠦ ᠵᠣᠷᠢᠯᠭᠠ ᠪᠠᠷ ᠪᠦ᠂ ᠨᠠ᠂ ᠬᠢ᠂ ᠠ᠂ ᠤ᠂ ᠤ᠋ᠨ «ZTE» ᠻᠣᠮᠫᠠᠨᠢ ᠓᠐᠐ ᠰᠢᠷᢈᠡᢉ ᠲᠠᠪᠯᠧᠲ᠂ ᠔᠐᠐ ᠰᠢᠷᢈᠡᢉ ᠤᠬᠠᠭᠠᠯᠢᠭ ᠴᠠᠭ ᠢ᠋ ᠨᠢ᠂ ᠦ᠂ ᠪᠠ᠂ ᠤ᠋ᠨ ᢈᠡᠦᢈᠡᠳ ᠦ᠋ᠨ ᠰᠠᠩ ᠳ᠋ᠤ ᠥᠨᠦᠳᠦᠷ ᢈᠦᠯᠢᠶᠡᠯᢉᠡᠨ ᠥᢉᢉᠦᠯᠡ᠃
ᠨᠢ᠂ ᠦ᠂ ᠪᠠ᠂ ᠤ᠋ᠨ ᢈᠡᠦᢈᠡᠳ ᠦ᠋ᠨ ᠰᠠᠩ ᠨᠢ ᠪᠣᠯᠪᠠᠰᠤᠷᠠᠯ ᠤ᠋ᠨ ᠶᠠᠮᠤᠨ ᠪᠣᠯᠤᠨ ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠲᠠᠢ ᠬᠠᠮᠲᠤᠷᠠᠨ «ᠲᠠᠪᠯᠧᠲ ᠲᠠᠢ ᠪᠠᠭᠰᠢ» ᠰᠠᠨᠠᠭᠠᠴᠢᠯᠭᠠ ᠶ᠋ᠢ ᠥᠷᢉᠡᠵᠢᢉᠦᠯᢈᠦ ᠳ᠋ᠦ ᠲᠠᠪᠯᠧᠲ ᠢ᠋᠂ ᠰᠤᠮᠤᠳ ᠤ᠋ᠨ ᢈᠡᠦᢈᠡᠳ ᠬᠠᠮᠠᠭᠠᠯᠠᠯ ᠤ᠋ᠨ ᠬᠠᠮᠲᠤᠷᠠᠭᠰᠠᠨ ᠪᠠᠭ ᠢ᠋ ᠳᠡᠮᠵᠢᢈᠦ᠂ ᠡᠳᠦᠷ ᠪᠦᠷᠢ ᠬᠣᠯᠠ ᠵᠠᠮ ᠲᠤᠭᠤᠯᠵᠤ ᠰᠤᠷᠭᠠᠭᠤᠯᠢ ᠳ᠋ᠤ ᠪᠠᠨ ᠶᠠᠪᠤᠳᠠᠭ ᢈᠡᠦᢈᠡᠳ ᠦ᠋ᠳ ᠢ᠋ ᠡᠷᠦᠰᠳᠡᠯ ᠡᠴᠡ ᠥᠪᠡᠷ ᠢ᠋ ᠪᠡᠨ ᠬᠠᠮᠠᠭᠠᠯᠠᠬᠤ ᠠᠷᠭᠠ ᠪᠠᠷᠢᠯ ᠳ᠋ᠤ ᠰᠤᠷᠤᠯᠴᠠᠬᠤ ᠳ᠋ᠤ ᠵᠣᠷᠢᠭᠤᠯᠵᠤ ᠤᠬᠠᠭᠠᠯᠢᠭ ᠴᠠᠭ ᠢ᠋ ᠲᠦᢉᠡᢉᠡᠨᠡ ᢉᠡᠪᠡ᠃
ᠬᠠᠨᠳᠢᠪ ᢈᠦᠯᠢᠶᠡᠯᠴᠡᢈᠦ ᠳ᠋ᠦ ᠪᠣᠯᠪᠠᠰᠤᠷᠠᠯ ᠤ᠋ᠨ ᠰᠠᠶᠢᠳ ᠫᠦ᠂ ᠨᠠᠷᠠᠨᠪᠠᠶᠠᠷ᠂ ᠨᠢ᠂ ᠦ᠂ ᠪᠠ᠂ ᠤ᠋ᠨ ᢈᠡᠦᢈᠡᠳ ᠦ᠋ᠨ ᠰᠠᠩ ᠤ᠋ᠨ ᠮᠣᠩᠭᠣᠯ ᠳ᠋ᠠᢈᠢ ᠰᠠᠭᠤᠷᠢᠨ ᠲᠥᠯᠦᢉᠡᠯᠡᢉᠴᠢ ᠡᠸᠠᠷᠢᠰᠲ᠋ᠧ ᠻᠣᠦ᠋ᠠᠰᠰᠢ-ᠻᠣᠮᠯᠠᠨ᠂ ᠪᠦ᠂ ᠨᠠ᠂ ᠬᠢ᠂ ᠠ᠂ ᠤ᠂ ᠠ᠋ᠴᠠ ᠮᠣᠩᠭᠣᠯ ᠤᠯᠤᠰ ᠲᠤ ᠰᠠᠭᠤᠭᠠ ᠡᠯᠴᠢᠨ ᠰᠠᠶᠢᠳ ᠰᠡᠨᠢ ᠮᠢᠨᠢᠵᠤᠶᠠᠨᠢ᠂ ZTE Mongolia ᢉᠦᠢᠴᠡᠳᢈᠡᢈᠦ ᠵᠠᢈᠢᠷᠤᠯ ᠲᠤᠯᠭᠠᠭᠤᠷᠢ᠂ ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠤ᠋ ᢉᠡᠷ ᠪᠦᠯᠢ ᠶ᠋ᠢᠨ ᠪᠣᠳᠤᠯᠭᠠ ᠶ᠋ᠢᠨ ᠭᠠᠵᠠᠷ ᠤ᠋ᠨ ᠳᠠᠷᠤᠭᠠ ᠶ᠋ᠢᠨ ᠡᢉᠦᠷᢉᠡ ᠶ᠋ᠢ ᠣᠷᠤᠯᠠᠨ ᢉᠦᠢᠴᠡᠳᢈᠡᢉᠴᠢ ᠮ᠂ ᠴᠣᠭᠲᠤᠪᠠᠭᠠᠲᠤᠷ ᠨᠠᠷ ᠪᠠᠶᠢᠯᠴᠠᠯᠠ᠃
ᠪᠦ᠂ ᠨᠠ᠂ ᠬᠢ᠂ ᠠ᠂ ᠤ᠂ ᠤ᠋ᠨ «ZTE» ᠻᠣᠮᠫᠠᠨᠢ ᠨᠢ ᠢᠵᠢ ᠪᠦᠷᠢᠨ ᠲᠥᠰᠦᠯ ᢈᠡᠷᠡᢉᠵᠢᢉᠦᠯᠵᠦ᠂ ᠣᠯᠠᠨ ᠵᠢᠯ ᠬᠠᠮᠲᠤ ᠶ᠋ᠢᠨ ᠠᠵᠢᠯᠯᠠᠭᠠ ᠪᠠᠨ ᠥᠷᢉᠡᠵᠢᢉᠦᠯᠵᠦ ᠪᠤᠢ ᠳ᠋ᠤ ᠪᠣᠯᠪᠠᠰᠤᠷᠠᠯ ᠤ᠋ᠨ ᠰᠠᠶᠢᠳ ᠲᠠᠯᠠᠷᠬᠠᠭᠠᠳ «ᠮᠡᠳᠡᠯ ᠡ᠋» ᠴᠠᢈᠢᠮ ᠰᠤᠷᠭᠠᠭᠤᠯᠢ ᠮᠠᠨᠢ ᠑᠗ ᠮᠢᠩᠭᠠᠨ ᢈᠢᠴᠢᠶᠡᠯ ᠲᠡᠢ ᠪᠣᠯᠤᠭᠰᠠᠨ᠃ ᠡᠳᠡᢉᠡᠷ ᢈᠢᠴᠢᠶᠡᠯ ᠡᠴᠡ ᠠᠯᠤᠰᠯᠠᠭᠳᠠᠭᠰᠠᠨ ᢈᠥᠳᠡᢉᠡᠨ ᠦ᠋ ᠪᠠᠭ ᠤ᠋ᠨ ᢈᠡᠦᢈᠡᠳ ᠦ᠋ᠳ ᠰᠣᠩᠭᠤᠨ ᠦᠵᠡᢈᠦ᠂ ᢈᠢᠴᠢᠶᠡᠯ ᠦ᠋ᠨ ᠬᠣᠴᠤᠷᠤᠭᠳᠠᠯ ᠦᢉᠡᠢ ᠰᠤᠷᠤᠯᠴᠠᠬᠤ ᠪᠣᠯᠤᠮᠵᠢ ᠪᠦᠷᠢᠳᠴᠦ ᠪᠤᠢ ᠳ᠋ᠤ ᠪᠠᠶᠠᠷᠲᠠᠢ ᠪᠠᠶᠢᠨᠠ» ᢉᠡᠪᠡ᠃