ᠶᠠᠫᠣᠨ ᠤᠯᠤᠰ ᠠ᠋ᠴᠠ ᠮᠣᠩᠭᠣᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠠᠰᠠᠨ ᠰᠢᠮᠢᠽᠦ᠋ ᠲᠠᠻᠡᠨᠣᠷᠢ ᠶ᠋ᠢᠨ ᠰᠠᠨᠠᠭᠠᠴᠢᠯᠭᠠ ᠪᠠᠷ ᠶᠠᠫᠣᠨ ᠤ᠋ ᠴᠢᠪᠠ ᠢ᠋ᠢᠨ ᠲᠧᠻᠨᠤᠯᠤᢉᠢ ᠶ᠋ᠢᠨ ᠶᠡᢈᠡ ᠰᠤᠷᠭᠠᠭᠤᠯᠢ ᠠ᠋ᠴᠠ ᠤᠯᠠᠭᠠᠨᠪᠠᠭᠠᠲᠤᠷ ᠬᠣᠲᠠ ᠶ᠋ᠢᠨ ᢉᠡᠷ ᠬᠣᠷᠢᠶᠠᠯᠠᠯ ᠤ᠋ᠨ ᠠᠷᠪᠠᠨ ᠰᠤᠷᠭᠠᠭᠤᠯᠢ ᠪᠣᠯᠤᠨ ᠠᠷᠤᠬᠠᠩᠭᠠᠢ ᠠᠶᠢᠮᠠᠭ ᠤ᠋ᠨ ᠠᠯᠤᠰᠯᠠᠭᠳᠠᠭᠰᠠᠨ ᠵᠢᠷᠭᠤᠭᠠᠨ ᠰᠤᠮᠤ ᠶ᠋ᠢᠨ ᠰᠤᠷᠭᠠᠭᠤᠯᠢ ᠨᠤᠭᠤᠳ ᠲᠤ ᠕᠕᠐ iPad ᠬᠠᠨᠳᠢᠪᠯᠠᠭᠰᠠᠨ ᠢ᠋ ᠥᠩᢉᠡᠷᠡᢉᠰᠡᠨ ᠪᠠᠰᠠᠩ ᠭᠠᠷᠠᠭ ᠲᠤ ᢈᠦᠯᠢᠶᠡᠨ ᠠᠪᠤᠯᠠ᠃ ᠲᠡᢉᠡᢉᠡᠪᠦᠷᠢᠯᠡᠯᠲᠡ ᠶ᠋ᠢᠨ ᠵᠠᠷᠤᠳᠠᠯ ᠢ᠋ ᠶᠠᠫᠤᠨ ᠤ᠋ «KDDI» ᠻᠣᠷᠫᠤᠷᠠᠼ (ᠮᠣᠪᠢᠻᠣᠮ) ᠢᠪᠡᢉᠡᠨ ᠲᠡᠳᢈᠦᢉᠰᠡᠨ ᠪᠠ ᠲᠠᠯᠠ ᠨᠤᠭᠤᠳ ᠴᠢᠨᠠᠭᠰᠢᠳᠠ ᠲᠤᠰ ᠦᠢᠯᠡ ᠠᠵᠢᠯᠯᠠᠭᠠ ᠶ᠋ᠢ ᠠᠮᠵᠢᠯᠲᠠᠲᠠᠢ ᠦᠷᢉᠦᠯᠵᠢᠯᠡᢉᠦᠯᢈᠦ ᠰᠠᠨᠠᠮᠵᠢ ᠪᠢᠴᠢᢉ ᠢ᠋ ᠪᠠᠶᠢᠭᠤᠯᠪᠠ᠃
ᠰᠠᠨᠠᠮᠵᠢ ᠪᠢᠴᠢᢉ ᠲᠦ ᠴᠢᠪᠠ ᠢ᠋ᠢᠨ ᠲᠧᠻᠨᠣᠯᠣᢉᠢ ᠶ᠋ᠢᠨ ᠶᠡᢈᠡ ᠰᠤᠷᠭᠠᠭᠤᠯᠢ ᠶ᠋ᠢᠨ ᠵᠠᢈᠢᠷᠭᠠᠨ ᠤ᠋ ᠠᠯᠪᠠᠨ ᠤ᠋ ᠳᠠᠷᠤᠭᠠ ᠣᠭᠠᠸᠠ ᠶᠠᠰᠦ᠋ᠦ᠋ ᠠᠷᠤᠬᠠᠩᠭᠠᠢ ᠠᠶᠢᠮᠠᠭ ᠤ᠋ᠨ ᠵᠠᠰᠠᠭ ᠳᠠᠷᠤᠭᠠ ᠪ᠂ ᠴᠡᠷᠢᠩᠨᠠᠳᠮᠢᠳ᠂ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ ᠤ᠋ᠨ ᠳᠠᠷᠤᠭᠠ ᠪᠠ᠂ ᠠᠮᠤᠷᠲᠦ᠋ᠪᠰᠢᠨ ᠨᠠᠷ ᠭᠠᠷ ᠤ᠋ᠨ ᠦᠰᠦᢉ ᠵᠢᠷᠤᠵᠤ᠂ ᠶᠠᠫᠤᠨ ᠤᠯᠤᠰ ᠠ᠋ᠴᠠ ᠮᠣᠩᠭᠤᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠢᠭᠠᠸᠠᠬᠠᠷᠠ ᠮᠠᠰᠠᠷᠦ᠋᠂ ᠤ᠂ ᠶᠡ᠂ ᠬᠤ᠂ ᠤ᠋ᠨ ᢉᠡᠰᠢᢉᠦᠨ ᠵ᠂ ᠭᠠᠯᠪᠠᠳᠠᠷᠠᠬᠤ᠂ ᠪᠣᠯᠪᠠᠰᠤᠷᠠᠯ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠬᠠ᠂ ᠪᠠᠲᠤᠵᠢᠷᠭᠠᠯ᠂ ᠴᠢᠪᠠ ᠢ᠋ᠢᠨ ᠲᠧᠻᠨᠣᠯᠣᢉᠢ ᠶ᠋ᠢᠨ ᠶᠡᢈᠡ ᠰᠤᠷᠭᠠᠭᠤᠯᠢ ᠶ᠋ᠢᠨ ᠵᠥᠪᠯᠡᢈᠦ᠂ ᠡᠯᠴᠢᠨ ᠰᠠᠶᠢᠳ ᠠᠰᠠᠨ ᠰᠢᠮᠢᠽᠦ᠋ ᠲᠠᠻᠡᠨᠣᠷᠢ ᠨᠠᠷ ᠣᠷᠤᠯᠴᠠᠨ᠂ ᠡᠨᠡ ᢈᠦ ᠪᠡᠯᠡᢉ ᠢ᠋ ᠦᠷᠡ ᠳ᠋ᠦᠩ ᠲᠡᠢ ᠠᠰᠢᠭᠯᠠᠵᠤ᠂ ᢈᠡᠦᢈᠡᠳ ᠢ᠋ ᠪᠣᠯᠪᠠᠰᠤᠷᠠᠯ ᠳ᠋ᠤ ᠲᠡᢉᠰᠢ ᠬᠠᠮᠤᠷᠤᠭᠤᠯᠬᠤ᠂ ᠴᠢᠨᠠᠷᠲᠠᠢ᠂ ᢈᠦᠷᠲᠡᢉᠡᠮᠵᠢᠲᠡᠢ ᠪᠣᠯᠪᠠᠰᠤᠷᠠᠯ ᠡᠵᠡᠮᠰᠢᢈᠦ ᠳ᠋ᠦ ᠨᠢ ᠲᠤᠰᠠ ᠪᠣᠯᠬᠤ ᠶ᠋ᠢ ᢈᠦᠰᠡᠯᠡ᠃