ᠲᠡᢉᠰᠢ ᠬᠠᠮᠤᠷᠤᠨ ᠰᠤᠷᠭᠠᠬᠤ ᠪᠣᠯᠪᠠᠰᠤᠷᠠᠯ ᠤ᠋ᠨ ᠣᠨᠤᠯ᠂ ᠠᠷᠭᠠ ᠵᠦᠢ ᠶ᠋ᠢᠨ ᠴᠢᢉᠯᠡᠯ ᠢ᠋ᠶᠡᠷ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ᠂ ᠤᠳᠤᠷᠢᠳᠬᠤ ᠠᠵᠢᠯᠲᠠᠨ ᠢ᠋ ᠴᠢᠳᠠᠪᢈᠢᠵᠢᠭᠤᠯᠬᠤ ᠰᠤᠷᠭᠠᠯᠲᠠ ᠶ᠋ᠢᠨ ᠦᠷᠡ ᠳ᠋ᠦᠩ ᠳ᠋ᠦ ᢈᠢᢉᠰᠡᠨ ᠦᠨᠡᠯᠡᢉᠡᠨ ᠦ᠋ ᠲᠠᠶᠢᠯᠤᠨ ᠢ᠋ ᢈᠡᠯᠡᠯᠴᠡᠯᠡ᠃
ᠦᠷᠡ ᠳ᠋ᠦᠩ ᠢ᠋ ᠦᠨᠡᠯᠡᢈᠦ ᠳ᠋ᠦ ᠪᠡᠨ ᠲᠥᠰᠦᠯ ᢈᠡᠷᠡᢉᠵᠢᢉᠰᠡᠨ ᠠᠷᠤᠬᠠᠩᠭᠠᠢ᠂ ᠰᠡᠯᠡᠩᢉᠡ᠂ ᠰᠦᢈᠡᠪᠠᠭᠠᠲᠤᠷ᠂ ᠤᠪᠰᠤ ᠠᠶᠢᠮᠠᠭ ᠪᠣᠯᠤᠨ ᠨᠡᠶᠢᠰᠯᠡᠯ ᠦ᠋ᠨ ᠰᠦᢈᠡᠪᠠᠭᠠᠲᠤᠷ᠂ ᠬᠠᠨ-ᠠᠭᠤᠯᠠ ᠳᠡᢉᠦᠷᢉᠡ ᠶ᠋ᠢᠨ ᠵᠣᠷᠢᠯᠲᠠᠲᠤ ᠰᠤᠷᠭᠠᠭᠤᠯᠢ ᠨᠤᠭᠤᠳ ᠤ᠋ᠨ ᠪᠠᠭᠰᠢ᠂ ᠤᠳᠤᠷᠢᠳᠬᠤ ᠠᠵᠢᠯᠲᠠᠨ ᠨᠤᠭᠤᠳ ᠤ᠋ᠨ ᠮᠡᠳᠡᠯᢉᠡ᠂ ᠣᠶᠢᠯᠠᠭᠠᠯᠲᠠ ᠶ᠋ᠢ ᠠᠰᠠᠭᠤᠯᠭᠠ ᠶ᠋ᠢᠨ ᠪᠣᠯᠤᠨ ᠶᠠᠷᠢᠯᠴᠠᠯᠭᠠ᠂ ᠠᠵᠢᠭᠯᠠᠯᠲᠠ ᠶ᠋ᠢᠨ ᠠᠷᠭᠠ ᠪᠠᠷ ᠲᠠᠩᠳᠠᠨ ᠰᠤᠳᠤᠯᠪᠠ᠃
ᠰᠤᠷᠭᠠᠯᠲᠠ ᠳ᠋ᠤ ᠬᠠᠮᠤᠷᠤᠭᠳᠠᠭᠰᠠᠨ ᠪᠠᠭᠰᠢ ᠨᠠᠷ ᢈᠥᢉᠵᠢᠯ ᠦ᠋ᠨ ᠪᠡᠷᢈᠡᠰᠢᠶᠡᠯ ᠲᠡᠢ ᢈᠡᠦᢈᠡᠳ ᠦ᠋ᠨ ᠣᠨᠴᠠᠯᠢᠭ᠂ ᢈᠡᠷᠡᢉᠴᠡᢉᠡ ᠶ᠋ᠢ ᠰᠤᠳᠤᠯᠤᠨ᠂ ᠡᠴᠢᢉᠡ ᠡᢈᠡ᠂ ᠠᠰᠠᠷᠠᠨ ᠬᠠᠮᠠᠭᠠᠯᠠᠭᠴᠢ᠂ ᠬᠠᠷᠠᠭᠠᠯᠵᠠᠨ ᠳᠡᠮᠵᠢᢉᠴᠢ ᠶ᠋ᠢᠨ ᠣᠷᠤᠯᠴᠠᠭᠠ ᠲᠠᠢ ᠪᠠᠷ ᠭᠠᠭᠴᠠᠭᠠᠷᠴᠢᠯᠠᠭᠰᠠᠨ ᠰᠤᠷᠭᠠᠯᠲᠠ ᠶ᠋ᠢᠨ ᠲᠥᠯᠦᠪᠯᠡᢉᠡ ᠪᠣᠯᠪᠠᠰᠤᠷᠠᠭᠤᠯᠵᠤ᠂ ᠰᠤᠷᠭᠠᠯᠲᠠ ᠶ᠋ᠢ ᠦᠷᠡ ᠳ᠋ᠦᠩ ᠲᠡᠢ ᠵᠣᢈᠢᠶᠠᠨ ᠪᠠᠶᠢᠭᠤᠯᠬᠤ ᠪᠣᠯᠤᠮᠵᠢ ᠲᠠᠢ ᢉᠡᠵᠦ ᠦᠵᠡᢉᠰᠡᠨ ᠪᠠᠶᠢᠨᠠ᠃ ᠢᠯᠠᠩᠭᠤᠶᠠ ᠳᠤᠮᠳᠠ᠂ ᠠᠬᠠᠯᠠᠬᠤ ᠠᠩᢉᠢ ᠶ᠋ᠢᠨ ᠪᠠᠭᠰᠢ ᠨᠠᠷ ᠤ᠋ᠨ ᠬᠠᠨᠳᠤᠯᠭᠠ᠂ ᠠᠷᠭᠠ ᠵᠦᠢ ᠳ᠋ᠦ ᠠᢈᠢᠴᠠ ᠭᠠᠷᠤᠭᠰᠠᠨ ᠨᠢ ᢈᠥᢉᠵᠢᠯ ᠦ᠋ᠨ ᠪᠡᠷᢈᠡᠰᠢᠶᠡᠯ ᠲᠡᠢ ᢈᠡᠦᢈᠡᠳ ᠲᠠᠰᠤᠷᠠᠯᠲᠠ ᠦᢉᠡᠢ ᠰᠤᠷᠤᠯᠴᠠᠬᠤ ᠳ᠋ᠤ ᠡᠶᠡᠷᢉᠦ ᠨᠥᠯᠦᢉᠡ ᠦᠵᠡᢉᠦᠯᢈᠦ ᠪᠣᠯᠤᠮᠵᠢ ᠨᠡᠮᠡᢉᠳᠡᢉᠰᠡᠨ ᠢ᠋ ᠬᠠᠷᠠᠭᠤᠯᠵᠡᠢ᠃
ᠪᠠᠭᠰᠢ ᠨᠠᠷ ᠤ᠋ᠨ ᠙᠓᠂᠖ ᠬᠤᠪᠢ ᠨᠢ «ᢈᠥᢉᠵᠢᠯ ᠦ᠋ᠨ ᠪᠡᠷᢈᠡᠰᠢᠶᠡᠯ ᠲᠡᠢ ᠰᠤᠷᠤᠯᠴᠠᠭᠴᠢᠳ ᠢ᠋ ᠶᠡᠷᠦᠳᠡ ᠶ᠋ᠢᠨ ᠰᠤᠷᠭᠠᠭᠤᠯᠢ᠂ ᠴᠡᠴᠡᠷᠯᠢᢉ ᠲᠦ ᠬᠠᠮᠤᠷᠤᠭᠤᠯᠬᠤ ᠵᠠᠮ ᠢ᠋ᠶᠠᠷ ᠲᠡᠳᠡᠨ ᠳ᠋ᠦ ᠪᠣᠯᠪᠠᠰᠤᠷᠠᠯ ᠣᠯᠭᠤᠬᠤ ᠪᠣᠳᠤᠯᠭᠠ᠂ ᠵᠠᠷᠴᠢᠮ ᠢ᠋ ᢈᠡᠷᠡᢉᠵᠢᢉᠦᠯᢈᠦ»᠂ ᠖᠒᠂᠗ ᠬᠤᠪᠢ ᠨᠢ «ᢈᠡᠦᢈᠡᠳ ᠢ᠋ ᠪᠣᠯᠪᠠᠰᠤᠷᠠᠯ ᠳ᠋ᠤ ᠲᠡᢉᠰᠢ ᠬᠠᠮᠤᠷᠤᠭᠤᠯᠤᠨ ᠦᠶᠡ ᠲᠡᠩ ᠦ᠋ᠨ ᢈᠢᠨ ᠲᠡᠢ ᠪᠡᠨ ᠬᠠᠮᠲᠤ ᠳ᠋ᠤ ᠪᠠᠨ ᠰᠤᠷᠤᠯᠴᠠᠬᠤ᠂ ᢈᠥᢉᠵᠢᢈᠦ᠂ ᠣᠷᠤᠯᠴᠠᠬᠤ ᠪᠣᠯᠤᠮᠵᠢ ᠶ᠋ᠢ ᠪᠦᠷᠢᠳᠦᢉᠦᠯᢈᠦ ᠦᠶᠢᠯᠡ ᠠᠵᠢᠯᠯᠠᠭᠠ ᠶ᠋ᠢ ᢈᠡᠷᠡᢉᠵᠢᢉᠦᠯᢈᠦ ᠨᠢ ᠵᠥᠪ» ᢉᠡᠵᠦ ᠬᠠᠷᠢᠭᠤᠯᠠᠭᠰᠠᠨ ᠪᠠᠶᠢᠨᠠ᠃
ᠦᠨᠡᠯᠡᢉᠡᠨ ᠦ᠋ ᠪᠠᠭ ᠨᠢ «ᠴᠢᠨᠠᠭᠰᠢᠳᠠ ᠲᠡᢉᠰᠢ ᠬᠠᠮᠤᠷᠤᠭᠤᠯᠬᠤ ᠪᠣᠯᠪᠠᠰᠤᠷᠠᠯ ᠤ᠋ᠨ ᠣᠷᠴᠢᠨ ᠪᠦᠷᠢᠳᠦᢉᠦᠯᢈᠦ᠂ ᠢᠯᠠᠩᠭᠤᠶᠠ ᢈᠥᢉᠵᠢᠯ ᠦ᠋ᠨ ᠪᠡᠷᢈᠡᠰᠢᠶᠡᠯ ᠲᠡᠢ ᢈᠡᠦᢈᠡᠳ ᠢ᠋ ᠪᠣᠯᠪᠠᠰᠤᠷᠠᠯ ᠳ᠋ᠤ ᠬᠠᠮᠤᠷᠤᠭᠤᠯᠬᠤ᠂ ᠭᠠᠭᠴᠠᠭᠠᠷᠴᠢᠯᠠᠭᠰᠠᠨ ᠰᠤᠷᠭᠠᠯᠲᠠ ᠶ᠋ᠢᠨ ᠲᠥᠯᠦᠪᠯᠡᢉᠡ ᠶ᠋ᠢ ᠪᠣᠯᠪᠠᠰᠤᠷᠠᠭᠤᠯᠤᠨ ᢈᠡᠷᠡᢉᠵᠢᢉᠦᠯᠵᠦ᠂ ᢈᠡᠦᢈᠡᠳ ᠦ᠋ᠨ ᠠᢈᠢᠴᠠ ᠶ᠋ᠢ ᠦᠨᠡᠯᠡᢈᠦ ᠲᠠᠯ ᠠ᠋ ᠪᠠᠷ ᠪᠣᠯᠤᠨ ᠮᠡᠷᢉᠡᠵᠢᠯ ᠦ᠋ᠨ ᢈᠥᢉᠵᠢᠯ ᠢ᠋ ᠳᠡᠮᠵᠢᢈᠦ ᠦᠶᠢᠯᠡ ᠠᠵᠢᠯᠯᠠᠭᠠ ᠶ᠋ᠢ ᠰᠠᠶᠢᠵᠢᠷᠠᠭᠤᠯᠬᠤ ᢈᠡᠷᠡᢉᠴᠡᢉᠡ ᠪᠠᠶᠢᠨᠠ» ᢉᠡᠵᠦ ᠦᠵᠡᠵᠡᠢ᠃