Хаах

ᠬᠣᠭᠤᠯᠠ ᠲᠡᠵᠢᢉᠡᠯ ᠦ᠋ᠨ ᠲᠤᠰᠬᠠᠢ ᢈᠡᠷᠡᢉᠴᠡᢉᠡᠲᠦ ᠰᠤᠷᠤᠯᠴᠠᠭᠴᠢᠳ ᠤ᠋ᠨ ᠬᠣᠭᠤᠯᠠᠯᠠᠯᠲᠠ ᠶ᠋ᠢᠨ ᠪᠠᠶᠢᠳᠠᠯ ᠢ᠋ ᠦᠨᠡᠯᠡᢈᠦ ᠠᠷᠭᠠᠴᠢᠯᠠᠯ ᠢ᠋ ᠪᠣᠯᠪᠠᠰᠤᠷᠠᠭᠤᠯᠵᠤ ᠪᠠᠶᠢᠨ᠎ᠠ

A- A A+
ᠬᠣᠭᠤᠯᠠ ᠲᠡᠵᠢᢉᠡᠯ ᠦ᠋ᠨ ᠲᠤᠰᠬᠠᠢ ᢈᠡᠷᠡᢉᠴᠡᢉᠡᠲᠦ ᠰᠤᠷᠤᠯᠴᠠᠭᠴᠢᠳ ᠤ᠋ᠨ ᠬᠣᠭᠤᠯᠠᠯᠠᠯᠲᠠ ᠶ᠋ᠢᠨ ᠪᠠᠶᠢᠳᠠᠯ ᠢ᠋ ᠦᠨᠡᠯᠡᢈᠦ ᠠᠷᠭᠠᠴᠢᠯᠠᠯ ᠢ᠋ ᠪᠣᠯᠪᠠᠰᠤᠷᠠᠭᠤᠯᠵᠤ ᠪᠠᠶᠢᠨ᠎ᠠ

ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠳ᠋ᠤ ᠰᠤᠷᠤᠯᠴᠠᠵᠤ ᠪᠤᠢ ᠬᠣᠭᠤᠯᠠ ᠲᠡᠵᠢᢉᠡᠯ ᠦ᠋ᠨ ᠲᠤᠰᠬᠠᠢ ᢈᠡᠷᠡᢉᠴᠡᢉᠡᠲᠦ ᠰᠤᠷᠤᠯᠴᠠᠭᠴᠢᠳ ᠤ᠋ᠨ ᠬᠣᠭᠤᠯᠠᠯᠠᠯᠲᠠ ᠶ᠋ᠢᠨ ᠪᠠᠶᠢᠳᠠᠯ ᠢ᠋ ᠦᠨᠡᠯᠡᢈᠦ ᠠᠷᠭᠠᠴᠢᠯᠠᠯ ᠢ᠋ ᠮᠠᠨ ᠤ᠋ ᠤᠯᠤᠰ ᠲᠤ ᠠᠩᠬ᠎ᠠ ᠤᠳᠠᠭ᠎ᠠ ᠪᠣᠯᠪᠠᠰᠤᠷᠠᠭᠤᠯᠵᠤ ᠪᠠᠶᠢᠨ᠎ᠠ᠃

ᠡᠨᠡ ᢈᠦ ᠠᠷᠭᠠᠴᠢᠯᠠᠯ ᠤ᠋ᠨ ᠲᠥᠰᠦᠯ ᠦ᠋ᠨ ᢈᠡᠯᠡᠯᠴᠡᢉᠦᠯᢉᠡ ᠶ᠋ᠢ ᠪᠣᠯᠪᠠᠰᠤᠷᠠᠯ ᠤ᠋ᠨ ᠶᠠᠮᠤᠨ ᠠ᠋ᠴᠠ ᠡᠷᠡᢉᠦᠯ ᠮᠡᠨᠳᠦ ᠶ᠋ᠢᠨ ᠶᠠᠮᠤᠨ᠂ ᠠ‍᠂ ᠰᠢ‍᠂ ᠤ‍᠂ ᠦ‍᠂ ᠶᠡ‍᠂ ᠰᠤ‍᠂; ᠰᠢ‍᠂ ᠤ‍᠂ ᠲᠸ‍᠂ ᠶᠡ‍᠂ ᠰᠤ‍᠂; ᠵᠠᠶᠢᠻᠠ᠂ ᠻᠣᠶᠢᠻᠠ ᠪᠠᠶᠢᠭᠤᠯᠤᠯᠭ᠎ᠠ ᠶ᠋ᠢᠨ ᠲᠥᠰᠦᠯ ᠦ᠋ᠨ ᠪᠠᠭ ᠤ᠋ᠳ᠂ ᢈᠥᢉᠵᠢᠯ ᠦ᠋ᠨ ᠪᠡᠷᢈᠡᠰᠢᠶᠡᠯᠲᠡᠢ ᢈᠡᠦᢈᠡᠳ ᠲᠦ ᠳᠡᠮᠵᠢᢈᠦ ᠦᠢᠯᠡᠴᠢᠯᠡᢉᠡ ᠦᠵᠡᢉᠦᠯᢈᠦ ᠴᠢᢉ ᠡᢉᠦᠷᢉᠡ ᠪᠦᢈᠦᠢ ᠴᠡᠴᠡᠷᠯᠢᢉ᠂ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ᠂ ᠲᠥᠷᠦ ᠶ᠋ᠢᠨ ᠪᠤᠰᠤ ᠪᠠᠶᠢᠭᠤᠯᠤᠯᠭ᠎ᠠ᠂ ᢈᠥᢉᠵᠢᠯ ᠦ᠋ᠨ ᠪᠡᠷᢈᠡᠰᠢᠶᠡᠯᠲᠡᠢ ᠰᠤᠷᠤᠯᠴᠠᠭᠴᠢᠳ ᠤ᠋ᠨ ᠡᠴᠢᢉᠡ ᠡᢈᠡ᠂ ᠠᠰᠠᠷᠠᠨ ᠬᠠᠮᠠᠭᠠᠯᠠᠭᠴᠢᠳ ᠤ᠋ᠨ ᠲᠥᠯᠦᢉᠡᠯᠡᠯ ᠵᠡᠷᢉᠡ ᠬᠣᠯᠪᠤᠭᠳᠠᠬᠤ ᠲᠠᠯ᠎ᠠ ᠨᠤᠭᠤᠳ ᠢ᠋ ᠣᠷᠤᠯᠴᠠᠭᠤᠯᠤᠨ ᠵᠣᢈᠢᠶᠠᠨ ᠪᠠᠶᠢᠭᠤᠯᠪᠠ᠃

ᠠᠷᠭᠠᠴᠢᠯᠠᠯ ᠢ᠋ ᠡᠴᠦᠰᠯᠡᠨ ᠪᠣᠯᠪᠠᠰᠤᠷᠠᠭᠤᠯᠤᠭᠰᠠᠨ ᠤ᠋ ᠳᠠᠷᠠᠭ᠎ᠠ ᢈᠥᢉᠵᠢᠯ ᠦ᠋ᠨ ᠪᠡᠷᢈᠡᠰᠢᠶᠡᠯᠲᠡᠢ ᢈᠡᠦᢈᠡᠳ ᠲᠦ ᠳᠡᠮᠵᠢᢈᠦ ᠦᠢᠯᠡᠴᠢᠯᠡᢉᠡ ᠦᠵᠡᢉᠦᠯᢈᠦ ᠴᠢᢉ ᠡᢉᠦᠷᢉᠡ ᠪᠦᢈᠦᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠬᠣᠭᠤᠯᠠ ᠵᠦᠢᠴᠢ᠂ ᠲᠣᠭᠤᠭᠠᠴᠢ᠂ ᠪᠠᠭᠰᠢ᠂ ᠡᠮᠴᠢ ᠨᠠᠷ ᠲᠤ ᠵᠣᠷᠢᠭᠤᠯᠤᠭᠰᠠᠨ ᠰᠤᠷᠭᠠᠯᠲᠠ ᠶ᠋ᠢ ᠲᠠᠩᢈᠢᠮ ᠢ᠋ᠶᠠᠷ᠂ «ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ» ᠲᠥᠰᠦᠯ ᠦ᠋ᠨ ᠵᠣᠷᠢᠯᠲᠠᠲᠤ ᠔᠕ ᠰᠤᠷᠭᠠᠭᠤᠯᠢ ᠳ᠋ᠤ ᠵᠣᠷᠢᠭᠤᠯᠤᠭᠰᠠᠨ ᠰᠤᠷᠭᠠᠯᠲᠠ ᠶ᠋ᠢ ᠴᠠᢈᠢᠮ ᠢ᠋ᠶᠠᠷ ᠵᠣᢈᠢᠶᠠᠨ ᠪᠠᠶᠢᠭᠤᠯᠬᠤ ᠪᠠᠷ ᠲᠥᠯᠦᠪᠯᠡᠵᠦ ᠪᠠᠶᠢᠨ᠎ᠠ᠃ ᠤᠭ ᠠᠷᠭᠠᠴᠢᠯᠠᠯ ᠢ᠋ ᠪᠣᠯᠪᠠᠰᠤᠷᠠᠭᠤᠯᠬᠤ ᠠᠵᠢᠯ ᠤ᠋ᠨ ᢈᠡᠰᠡᢉ ᠲᠦ ᠪᠣᠯᠪᠠᠰᠤᠷᠠᠯ ᠤ᠋ᠨ ᠶᠠᠮᠤᠨ᠂ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ᠂ ᠪᠣᠯᠪᠠᠰᠤᠷᠠᠯ ᠤ᠋ᠨ ᠶᠡᠷᠦᠩᢈᠡᠢ ᠭᠠᠵᠠᠷ᠂ ᠰᠢ‍᠂ ᠤ‍᠂ ᠲᠸ‍᠂ ᠶᠡ‍᠂ ᠰᠤ‍᠂; ᠠ‍᠂ ᠰᠢ‍᠂ ᠤ‍᠂ ᠦ‍᠂ ᠶᠡ‍᠂ ᠰᠤ‍᠂ ᢈᠡᠦᢈᠡᠳ ᠢ᠋ ᠢᠪᠡᢉᠡᢈᠦ ᠰᠠᠩ᠂ ᢈᠥᢉᠵᠢᠯ ᠦ᠋ᠨ ᠪᠡᠷᢈᠡᠰᠢᠶᠡᠯᠲᠡᠢ ᢈᠡᠦᢈᠡᠳ ᠲᠦ ᠳᠡᠮᠵᠢᢈᠦ ᠦᠢᠯᠡᠴᠢᠯᠡᢉᠡ ᠦᠵᠡᢉᠦᠯᢈᠦ ᠴᠢᢉ ᠡᢉᠦᠷᢉᠡ ᠪᠦᢈᠦᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠪᠠᠭᠰᠢ᠂ ᠬᠣᠭᠤᠯᠠ ᠵᠦᠢᠴᠢ᠂ ᠡᠷᠳᠡᠮᠲᠡᠨ᠂ ᠳ᠋ᠣᠻᠲ᠋ᠣᠷ ᠤ᠋ᠳ ᠪᠠᠭᠲᠠᠵᠤ ᠪᠤᠢ᠃