Хаах

ᢈᠡᠦᢈᠡᠳ ᠦ᠋ᠨ ᠬᠣᠭᠤᠯᠠᠨ ᠤ᠋ ᠲᠣᠭᠤᠭᠠᠴᠢ ᠨᠠᠷ ᠮᠡᠷᢉᠡᠰᠢᠵᠦ ᠪᠠᠶᠢᠨ᠎ᠠ

A- A A+
ᢈᠡᠦᢈᠡᠳ ᠦ᠋ᠨ ᠬᠣᠭᠤᠯᠠᠨ ᠤ᠋ ᠲᠣᠭᠤᠭᠠᠴᠢ ᠨᠠᠷ ᠮᠡᠷᢉᠡᠰᠢᠵᠦ ᠪᠠᠶᠢᠨ᠎ᠠ

ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ᠂ ᠳᠣᠲᠤᠭᠤᠷ ᠪᠠᠶᠢᠷᠢᠨ ᠳ᠋ᠤ ᠰᠠᠭᠤᠬᠤ ᢈᠡᠦᢈᠡᠳ ᠦ᠋ᠨ ᠬᠣᠭᠤᠯᠠᠨ ᠤ᠋ ᠲᠡᢉᠦᢈᠡᠢ ᠡᠳ᠋ ᠦ᠋ᠨ ᠵᠠᠷᠤᠳᠠᠯ ᠲᠤᠰ ᠪᠦᠷᠢ ᠨᠡᠮᠡᢉᠳᠡᢉᠰᠡᠨ ᠲᠡᠢ ᠤᠶᠠᠯᠳᠤᠭᠤᠯᠤᠨ ᢈᠡᠦᢈᠡᠳ ᠦ᠋ᠨ ᠬᠣᠭᠤᠯᠠᠨ ᠤ᠋ ᠲᠣᠭᠤᠭᠠᠴᠢ ᠶ᠋ᠢ ᠬᠠᠮᠤᠷᠤᠭᠤᠯᠵᠤ ᠪᠠᠶᠢᠨ᠎ᠠ᠃ ᠮᠣᠩᠭᠣᠯ᠂ ᠰᠣᠯᠤᠩᠭᠤᠰ ᠤ᠋ᠨ ᠮᠡᠷᢉᠡᠵᠢᠯ ᠦ᠋ᠨ ᠪᠠᠭᠰᠢ ᠨᠠᠷ ᠬᠠᠮᠲᠤᠷᠠᠨ ᠪᠣᠯᠪᠠᠰᠤᠷᠠᠭᠤᠯᠤᠭᠰᠠᠨ ᠑᠒᠐ ᠴᠠᠭ ᠤ᠋ᠨ ᠣᠨᠤᠯ᠂ ᠳᠠᠳᠤᠯᠭ᠎ᠠ ᠬᠣᠣᠰᠯᠠᠭᠰᠠᠨ ᠠᠭᠤᠯᠭ᠎ᠠ ᠲᠠᠢ ᠲᠤᠰ ᠰᠤᠷᠭᠠᠯᠲᠠ ᠶ᠋ᠢᠨ ᢈᠦᠷᠢᠶᠡᠨ ᠳ᠋ᠦ:

- ᠬᠣᠭᠤᠯᠠ ᠦᠢᠯᠡᠳᠪᠦᠷᠢᠯᠡᠯ᠂ ᠦᠶᠢᠯᠡᠴᠢᠯᠡᢉᠡᠨ ᠦ᠋ ᠦᠶᠢᠯᠡ ᠠᠵᠢᠯᠯᠠᠭᠠᠨ ᠤ᠋ ᠲᠥᠯᠦᠪᠯᠡᠯᠲᠡ᠂ ᠮᠧᠨᠧᠵᠮᠧᠨ᠋ᠲ

- ᠪᠠᠭ᠎ᠠ ᠨᠠᠰᠤᠨ ᠤ᠋ ᢈᠡᠦᢈᠡᠳ ᠦ᠋ᠨ ᠥᠰᠦᠯᠲᠡ ᢈᠥᢉᠵᠢᠯ ᠦ᠋ᠨ ᠣᠨᠴᠠᠯᠢᠭ ᠪᠣᠯᠤᠭᠠᠳ ᠬᠣᠭᠤᠯᠠᠯᠠᠯᠲᠠ ᠶ᠋ᠢᠨ ᠪᠠᠶᠢᠳᠠᠯ᠂ ᠰᠢᠮ᠎ᠡ ᠲᠡᠵᠢᢉᠡᠯ ᠡᠷᠡᢉᠦᠯ ᠮᠡᠨᠳᠦ ᠶ᠋ᠢᠨ ᠠᠰᠠᠭᠤᠳᠠᠯ ᠤ᠋ᠳ

- ᠡᠷᠡᢉᠦᠯ ᠠᠬᠤᠢ᠂ ᠠᠶᠤᠯ ᠦᢉᠡᠢ ᠪᠠᠶᠢᠳᠠᠯ ᠤ᠋ᠨ ᠮᠧᠨᠧᠵᠮᠧᠨ᠋ᠲ /ᠬᠣᠭᠤᠯᠠᠨ ᠤ᠋ ᠬᠣᠣᠷᠠᠳᠠᠯᠭ᠎ᠠ ᠠ᠋ᠴᠠ ᠤᠷᠢᠳᠴᠢᠯᠠᠨ ᠰᠡᠷᢉᠡᠶᠢᠯᠡᢈᠦ ᠠᠷᠭ᠎ᠠ ᢈᠡᠮᠵᠢᠶ᠎ᠡ/ ᢉᠡᢈᠦ ᠮᠡᠲᠦ ᠣᠨᠤᠯ᠂ ᠳᠠᠳᠤᠯᠭ᠎ᠠ ᠶ᠋ᠢᠨ ᢈᠢᠴᠢᠶᠡᠯ ᠵᠢᠭᠠᠵᠤ ᠪᠠᠶᠢᠨ᠎ᠠ᠃