Хаах

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠪᠠᠶᠠᠨ᠊ᠬᠣᠩᠭᠤᠷ ᠠᠶᠢᠮᠠᠭ ᠤ᠋ᠨ ᠳᠥᠷᠪᠡᠨ ᠰᠤᠮᠤ ᠶ᠋ᠢᠨ ᠲᠥᠯᠦᢉᠡᠯᠡᠯ ᠢ᠋ ᢈᠦᠯᠢᠶᠡᠨ ᠠᠪᠴᠤ ᠠᠭᠤᠯᠵᠠᠯ᠎ᠠ᠃

A- A A+
ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠪᠠᠶᠠᠨ᠊ᠬᠣᠩᠭᠤᠷ ᠠᠶᠢᠮᠠᠭ ᠤ᠋ᠨ ᠳᠥᠷᠪᠡᠨ ᠰᠤᠮᠤ ᠶ᠋ᠢᠨ ᠲᠥᠯᠦᢉᠡᠯᠡᠯ ᠢ᠋ ᢈᠦᠯᠢᠶᠡᠨ ᠠᠪᠴᠤ ᠠᠭᠤᠯᠵᠠᠯ᠎ᠠ᠃

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠤ‍᠂ ᠶᠡ‍᠂ ᠬᠤ‍᠂ ᠤ᠋ᠨ ᢉᠡᠰᠢᢉᠦᠨ ᠳ‍᠊᠂ ᠵᠢᠷᠭᠠᠯᠰᠠᠶᠢᠬᠠᠨ ᠪᠣᠯᠤᠨ ᠪᠠᠶᠠᠨ᠊ᠬᠣᠩᠭᠤᠷ ᠠᠶᠢᠮᠠᠭ ᠤ᠋ᠨ ᠪᠥᠮᠪᠦᢉᠡᠷ ᠰᠤᠮᠤ ᠶ᠋ᠢᠨ ᠢ‍᠂ ᠲᠦ‍᠂ ᠬᠣ‍᠂ ᠤ᠋ᠨ ᠳᠠᠷᠤᠭ᠎ᠠ ᠫ‍᠂ ᠠᠮᠤᠷ ᠠ᠋᠂ ᠪᠠᠶᠠᠨᠴᠠᠭᠠᠨ ᠰᠤᠮᠤ ᠶ᠋ᠢᠨ ᠵᠠᠰᠠᠭ ᠳᠠᠷᠤᠭ᠎ᠠ ᠨ᠊‍᠂ ᠭᠠᠩᠰᠦ᠋ᢈᠡ᠂ ᠲᠤᠰ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠵᠠᢈᠢᠷᠤᠯ ᠰ᠊‍᠂ ᠨᠠᠨᠳᠢᠨᠴᠡᠴᠡᢉ᠂ ᠰᠢᠨ᠎ᠡ ᠵᠢᠩᠰᠡᠲᠦ ᠰᠤᠮᠤ ᠶ᠋ᠢᠨ ᠵᠠᠰᠠᠭ ᠳᠠᠷᠤᠭ᠎ᠠ ᠯ‍᠂ ᠪᠠᠲᠤᠬᠤᠶᠠᠭ᠂ ᠥᠯᠵᠡᠶᠢᠲᠦ ᠰᠤᠮᠤ ᠶ᠋ᠢᠨ ᠵᠠᠰᠠᠭ ᠳᠠᠷᠤᠭ᠎ᠠ ᠦ‍᠂ ᠬᠠᠰᠢᠪᠢᠯᠢᢉ᠂ ᠲᠤᠰ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠵᠠᢈᠢᠷᠤᠯ ᠪ᠊‍᠂ ᠥᠯᠵᠡᠶᠢᠪᠠᠭᠠᠲᠤᠷ ᠨᠠᠷ ᠢ᠋ ᢈᠦᠯᠢᠶᠡᠨ ᠠᠪᠴᠤ ᠠᠭᠤᠯᠵᠠᠯ᠎ᠠ᠃

ᠥᠯᠵᠡᠶᠢᠲᠦ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠑᠐᠐ ᠵᠢᠯ ᠦ᠋ᠨ ᠣᠢ ᠡᠨᠡ ᠣᠨ ᠳ᠋ᠤ ᠲᠣᢈᠢᠶᠠᠵᠤ ᠪᠠᠶᠢᠨ᠎ᠠ᠃ ᠣᠳᠤ ᠶ᠋ᠢᠨ ᢈᠢᠴᠢᠶᠡᠯ ᠦ᠋ᠨ ᠪᠠᠶᠢᠷᠢ ᠨᠢ ᠑᠙᠗᠖ ᠣᠨ ᠳ᠋ᠤ ᠠᠰᠢᠭᠯᠠᠯᠲᠠ ᠳ᠋ᠤ ᠣᠷᠤᠭᠰᠠᠨ ᠪᠥᢉᠡᠳ ᠳᠤᠯᠠᠭᠠᠨ ᠠᠯᠳᠠᠯᠲᠠ ᠶᠡᢈᠡ ᠲᠡᠢ ᠪᠣᠯᠵᠡᠢ᠃ ᠡᠶᠢᠮᠦ ᠳ᠋ᠦ ᠵᠢᠷᠤᠭ ᠲᠥᠰᠦᠯ ᠦ᠋ᠨ ᠳᠠᠭᠠᠭᠤ ᠰᠢᠨ᠎ᠡ ᠭᠠᠳᠠᠨ᠎ᠠ ᠹᠠᠰᠠᠳ᠋ ᢈᠢᢈᠦ ᠰᠠᠩᢈᠦᠵᠢᠯᠲᠡ ᠶ᠋ᠢ ᠤᠯᠤᠰ ᠤ᠋ᠨ ᠲᠥᠰᠦᠪ ᠲᠦ ᠲᠤᠰᠬᠠᠵᠤ ᠥᢉᢈᠦ ᢈᠦᠰᠡᠯᠲᠡ ᠶ᠋ᠢ ᠲᠤᠰ ᠰᠤᠷᠭᠠᠭᠤᠯᠢ ᠶ᠋ᠢᠨ ᠵᠠᢈᠢᠷᠤᠯ ᠪ‍᠂ ᠥᠯᠵᠡᠶᠢᠪᠠᠭᠠᠲᠤᠷ ᠢᠯᠡᠷᢈᠡᠶᠢᠯᠡᠪᠡ᠃

ᠪᠠᠶᠠᠨᠴᠠᠭᠠᠨ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠬᠤᠪᠢ ᠳ᠋ᠤ ᠓᠒᠐ ᢈᠡᠦᢈᠡᠳ ᠦ᠋ᠨ ᢈᠦᠴᠦᠨ ᠴᠢᠳᠠᠯ ᠲᠠᠢ ᠰᠢᠨ᠎ᠡ ᠪᠠᠷᠢᠯᠭ᠎ᠠ ᠶ᠋ᠢᠨ ᠠᠵᠢᠯ ᠦᠷᢉᠦᠯᠵᠢᠯᠡᠵᠦ ᠪᠠᠶᠢᠨ᠎ᠠ᠃ ᠰᠢᠨ᠎ᠡ ᢈᠢᠴᠢᠶᠡᠯ ᠦ᠋ᠨ ᠪᠠᠶᠢᠷᠢᠨ ᠳ᠋ᠤ ᠰᠠᠨᠳᠠᠯᠢ ᠰᠢᠷᠡᢉᠡ᠂ ᠲᠣᠨᠤᠭ ᠲᠥᢈᠦᢉᠡᠷᠦᠮᠵᠢ ᠵᠡᠷᢉᠡ ᠲᠣᢈᠢᠵᠢᠯᠲᠠ᠂ ᠲᠠᠪᠢᠯᠭ᠎ᠠ ᢈᠡᠷᠡᢉᠰᠡᠯ ᢈᠡᠷᠡᢉᠲᠡᠢ ᠪᠠᠶᠢᠭ᠎ᠠ ᠶ᠋ᠢ ᠲᠤᠰ ᠰᠤᠷᠭᠠᠭᠤᠯᠢ ᠶ᠋ᠢᠨ ᠵᠠᢈᠢᠷᠤᠯ ᠰ‍᠂ ᠨᠠᠨᠳᠢᠨᠴᠡᠴᠡᢉ ᠥᢉᠦᠯᠡᠯ᠎ᠡ᠃

ᠡᠨᠡ ᠣᠨ ᠤ᠋ ᠲᠥᠰᠦᠪ ᠪᠠᠲᠤᠯᠠᠭᠳᠠᠴᠢᠬᠠᠭᠰᠠᠨ ᠤᠴᠢᠷ ᠠ᠋ᠴᠠ ᢈᠥᠷᠦᠩᢉᠡ ᠣᠷᠤᠭᠤᠯᠤᠯᠲᠠ ᠶ᠋ᠢᠨ ᠰᠢᠨ᠎ᠡ ᠠᠷᠭ᠎ᠠ ᢈᠡᠮᠵᠢᠶ᠎ᠡ ᠲᠤᠰᠬᠠᠬᠤ ᠪᠣᠯᠤᠮᠵᠢ ᠦᢉᠡᠢ᠃ ᠬᠠᠷᠢᠨ ᠲᠣᠨᠤᠭ ᠲᠥᢈᠦᢉᠡᠷᠦᠮᠵᠢ ᠪᠣᠯᠤᠭᠠᠳ ᠪᠤᠰᠤᠳ ᢈᠦᠰᠡᠯᠲᠡ ᠶ᠋ᠢ ᠬᠣᠯᠪᠤᠭᠳᠠᠬᠤ ᠨᠢᢉᠡᠴᠡ ᠳ᠋ᠦ ᢈᠦᠷᢈᠡᢉᠦᠯᠦᠨ᠂ ᠰᠢᠢᠳᠪᠦᠷᠢᠯᠡᢈᠦ ᠳ᠋ᠦ ᠠᠩᠬᠠᠷᠴᠤ ᠠᠵᠢᠯᠯᠠᠨ᠎ᠠ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠢᠯᠡᠷᢈᠡᠶᠢᠯᠡᠪᠡ᠃